☆ ᠡ᠊·ᠳᠠᠮᠤᠷ
ᠵᠡᠭᠦᠳᠤᠨ ᠳᠤᠷ ᠶᠢᠡᠨ ᠪᠢᠴᠢᠭ᠍ᠰᠡᠨ ᠰᠢᠯᠦᠭ᠌
ᠲ᠋ᠤᠤᠵᠠ ᠬᠠᠢ᠌ᠴᠢᠯᠠᠬᠤ ᠶᠤᠰᠤᠯᠠᠯ
ᠠᠷᠠᠤᠨ
ᠳᠤᠭ᠎ᠠ ᠲᠡᠶ ᠵᠤᠭᠤᠰ ᠶᠢᠡᠨ
ᠳᠤᠭᠠᠯᠠᠵᠤ ᠬᠠᠷᠮᠠᠯᠠᠭᠠᠤᠨ
ᠠᠮᠢ ᠳᠡᠮᠡᠴᠡᠭ᠍ᠰᠡᠭᠡᠷ
ᠨᠢᠭᠤᠷ ᠲᠡᠶ ᠢᠷᠠᠨ᠎ᠠ
ᠨᠤᠶᠠᠤᠨ
ᠬᠠᠷᠮᠠᠨ ᠬᠤᠭᠤᠰᠤᠨ ᠶᠢᠡᠷ
ᠯᠠᠷᠵᠢᠶ᠎ᠠ ᠲᠡᠶ ᠢᠷᠡᠭᠡᠳ
ᠬᠠᠢ᠌ᠴᠢ ᠨᠢᠭᠡ ᠭᠦᠳᠡᠯᠭᠡᠭᠡᠳ
ᠣᠯᠵᠠ ᠲᠡᠶ ᠪᠣᠴᠠᠨ᠎ᠠ
ᠮᠦᠷᠤᠢ ᠶᠢᠨ ᠳᠠᠯᠠᠪᠣᠷ
ᠵᠠᠰᠠᠭ ᠤᠨ ᠺᠠᠳ᠋ᠷ ᠤᠨ
ᠮᠦᠷᠤᠢ ᠶᠢᠨ ᠳᠠᠯᠠᠪᠣᠷ ᠢ
ᠨᠠᠭᠠᠳᠤᠮᠴᠢᠳ ᠭᠦᠷᠢᠶᠡᠯᠡᠨᠡ
ᠴᠠᠭᠳᠠᠭ᠎ᠠ ᠬᠠᠮᠠᠭᠠᠯᠠᠨ᠎ᠠ
ᠴᠠᠭᠳᠠᠭ᠎ᠠ ᠪᠠᠰᠠ ᠮᠦᠷᠣᠢ᠌ᠴᠠᠨ᠎ᠠ
ᠵᠠᠯᠢ ᠲᠡᠶ ᠨᠠᠭᠠᠳᠤᠭᠰᠠᠨ ᠨᠢ
ᠵᠤᠭᠤᠰ ᠣᠯᠠᠨ ᠬᠤᠠᠵᠢᠨᠠ
ᠵᠤᠷᠢᠭ ᠲᠡᠶ ᠨᠠᠭᠠᠳᠤᠭᠰᠠᠨ ᠨᠢ
ᠦᠷᠢ ᠶᠡᠭᠡᠳᠡᠢ ᠬᠤᠴᠤᠷᠤᠨ᠎ᠠ
ᠦᠷᠢᠳᠦᠭᠦ ᠳᠤᠳᠤᠮ ᠶᠢᠡᠨ ᠮᠦᠷᠣᠢ᠌ᠴᠠᠨ᠎ᠠ
ᠳᠠᠷᠠ ᠰᠢᠷᠡᠭᠡᠨ ᠳᠤ
ᠡᠴᠢᠭᠡ ᠭᠦᠤ ᠬᠠᠮᠳᠤ ᠰᠠᠭᠤᠭᠰᠠᠨ ᠴᠤ
ᠠᠳᠠ ᠲᠡᠶ ᠱᠥᠭᠯᠡᠨᠡ
ᠨᠠᠢ᠌ᠷ ᠤᠨ ᠰᠢᠷᠡᠭᠡ
ᠨᠠᠢ᠌ᠷ ᠤᠨ ᠰᠢᠷᠡᠭᠡ
ᠨᠠᠢ᠌ᠷ ᠦᠭᠡᠶ ᠵᠠᠰᠠᠭᠳᠠᠨᠠ
ᠨᠢᠮᠭᠡᠨ ᠭᠦᠷᠦᠩᠭᠡᠳᠡᠳ
ᠨᠢᠳᠤ ᠦᠭᠡᠶ 《ᠵᠠᠢ᠌ᠯᠠᠭᠰᠠᠨ》 ᠴᠢᠨᠢ
ᠨᠠᠠᠳᠢᠨ ᠨᠥᠭᠦᠷᠯᠡᠯ
ᠨᠠᠢ᠌ᠷᠠᠭ ᠡᠴᠡ ᠪᠠᠰᠠ ᠭᠢᠮᠳᠠᠷᠠᠪᠠ
ᠪᠦᠵᠢᠭ᠌ ᠤᠨ ᠳᠠᠩᠭᠢᠮ
ᠪᠦᠵᠢᠭ᠌ ᠤᠨ ᠳᠠᠩᠭᠢᠮ ᠳᠤ
ᠵᠠᠯᠠᠭᠤᠴᠤᠳ ᠰᠤᠯᠢᠶᠠᠷᠠᠳᠠᠯᠠ ᠪᠦᠵᠢᠭᠯᠡᠨ᠎ᠡ
ᠪᠦᠳᠡᠭᠡᠢ ᠭᠡᠷᠡᠯ ᠳᠤ
ᠪᠦᠵᠢᠭᠯᠡᠭᠦ ᠨᠠᠷᠠ ᠪᠠᠷ
ᠪᠠᠮᠪᠠᠢ ᠪᠣᠯᠭᠠᠭᠰᠠᠨ
ᠬᠤᠷᠤᠬᠠᠢ ᠲᠡᠶ ᠭᠠᠷ ᠤᠳ
ᠪᠠᠢ᠌ᠷᠢ ᠪᠠᠨ ᠠᠯᠳᠠᠨ᠎ᠠ
ᠬᠤᠪᠳᠤᠭ ᠰᠢᠨᠤᠯ ᠤᠳ
ᠨᠢᠭᠤᠴᠠᠭᠠᠢ ᠳᠦᠷᠠᠯᠵᠠᠨ᠎ᠠ
ᠠᠮᠢᠳᠤᠷᠠᠬᠤᠢ ᠶᠢᠨ ᠣᠷᠤᠨ ᠵᠠᠢ
ᠠᠮᠢᠳᠤᠷᠠᠯ ᠤᠨ ᠴᠠᠭᠠᠨ᠎ᠠ
ᠥᠭᠦᠯ ᠳᠠᠢ᠌ᠪᠣᠭᠤᠬᠠᠨ ᠨᠣᠢ᠌ᠷᠰᠤᠨ᠎ᠠ
ᠳᠠᠭᠤᠳᠠᠵᠤ ᠪᠢᠳᠡᠭᠡᠢ ᠰᠡᠷᠢᠭᠡᠭᠡᠴᠢ
ᠥᠭᠦᠯ ᠤᠨ ᠨᠠᠭᠠᠨ᠎ᠠ
ᠠᠮᠢᠳᠤᠷᠠᠯ ᠬᠠᠯᠠ ᠲᠡᠶ ᠦᠷᠭᠦᠯᠵᠢᠯᠡᠨ᠎ᠡ
ᠳᠡᠩᠳᠡᠭᠦᠤ ᠪᠢᠳᠡᠭᠡᠢ ᠴᠥᠭᠦᠷᠡᠭᠡᠴᠢ
ᠠᠮᠢᠳᠤᠷᠠᠯ ᠤᠨ ᠣᠬᠤᠷᠬᠠᠨ ᠵᠠᠢ ᠪᠠᠨ
ᠣᠴᠢᠷᠳᠠᠢ ᠣᠢ᠌ᠯᠠᠰ ᠲᠤ ᠪᠠᠨ ᠵᠤᠷᠢᠭᠤᠯᠤᠭᠠᠴᠢ
ᠦᠪᠡᠷ ᠤᠨ ᠭᠡᠰᠡᠨ ᠳᠡᠦᠭᠡᠨ ᠳᠤ ᠪᠠᠨ
ᠣᠯᠠ ᠮᠦᠷ ᠶᠢᠡᠨ ᠥᠯᠡᠳᠡᠭᠡᠴᠢ
ᠣᠩᠭ᠋ᠤᠨ ᠳᠠᠷᠬᠠᠨ ᠪᠠᠢ᠌ᠭᠠᠯᠢ ᠪᠠᠨ
ᠦᠷ᠎ᠡ ᠬᠣᠢ᠌ᠴᠢᠰ ᠲᠤ ᠪᠠᠨ ᠦᠭᠭᠦᠭᠡᠴᠢ
ᠣᠤᠭᠠᠯ ᠪᠣᠰᠤᠭ᠎ᠠ ᠰᠤᠶᠤᠯ ᠶᠢᠡᠨ
ᠢᠷᠡᠭᠡᠳᠦᠢ ᠮᠠᠷᠭᠠᠰᠢ ᠳᠤ ᠪᠠᠨ ᠥᠪᠯᠡᠭᠡᠴᠢ
ᠠᠯᠪᠠᠨ ᠰᠢᠷᠡᠭᠡ
ᠠᠯᠪᠠᠨ ᠰᠢᠷᠡᠭᠡᠨ ᠳᠤ
ᠠᠮᠢᠳᠤᠷᠠᠯ ᠤᠨ ᠵᠤᠭᠤᠭ ᠳᠡᠯᠭᠡᠭ᠍ᠳᠡᠨ᠎ᠡ
ᠠᠯᠪᠠᠨ ᠶᠠᠪᠣᠳᠠᠯ ᠶᠢᠡᠷ
ᠠᠰ ᠤᠨ ᠣᠴᠢᠷ ᠶᠢᠡᠨ ᠰᠢ᠌ᠤᠠᠪᠣᠷᠢᠯᠠᠨ᠎ᠠ
ᠠᠭᠠᠭ ᠲᠡᠶ ᠳᠤᠰᠤ ᠲᠡᠶ ᠠᠶᠠᠨ ᠳᠤ
ᠠᠮᠢᠨ ᠳᠤ ᠪᠠᠨ ᠵᠦᠪ ᠦᠭᠡᠶ
ᠠᠪᠣ ᠶᠢᠨ ᠬᠡᠦᠬᠡᠳ ᠯᠠ ᠵᠢᠳᠭᠦᠨ᠎ᠡ ᠡ︕
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ