ᠨᠡᠪᠲᠡᠷᠡᠨ ᠤᠷᠤᠬᠤ
ᠤᠨᠠᠭᠠᠨ ᠪᠠᠢ᠌ᠭᠠᠯᠢ ᠶᠢᠨ ᠡᠭᠡᠰᠢᠭ᠌
ᠮᠢᠵᠢᠳᠰᠠᠩᠪᠦ ᠶᠢᠨ ᠳᠦᠷᠪᠡᠨ ᠮᠦᠷᠲᠦ ᠶᠢᠨ ᠴᠤᠭᠯᠠᠷᠠᠯ


        ᠮᠢᠨᠦ ᠵᠢᠷᠭᠠᠯ

ᠦᠳᠡᠰᠢ ᠶᠢᠨ ᠭᠦᠨ ᠪᠤᠯᠳᠠᠯ᠎ᠠ ᠪᠢᠴᠢᠵᠤ ᠰᠠᠭᠤᠳᠠᠭ ᠮᠢᠨᠦ ᠵᠢᠷᠭᠠᠯ

ᠦᠨᠳᠦᠰᠦᠲᠡᠨ ᠤ ᠦᠭᠡ ᠬᠡᠯᠡ ᠪᠡᠨ ᠬᠡᠷᠡᠭᠯᠡᠵᠦ ᠪᠠᠢ᠌ᠳᠠᠭ ᠮᠢᠨᠦ ᠤᠮᠤᠭᠰᠢᠯ

ᠡᠳᠦᠷ ᠤᠨ ᠰᠤᠨᠢᠨ ᠤ ᠪᠤᠯᠤᠩ ᠳᠤ ᠵᠤᠬᠢᠶᠠᠯ ᠨᠡᠢ᠌ᠲᠡᠯᠡᠳᠡᠭ ᠮᠢᠨᠦ ᠪᠠᠬᠠᠳᠤᠯ

ᠦᠯᠦ ᠲᠠᠨᠢᠬᠤ ᠬᠦᠮᠦᠨ ᠡᠴᠡ ᠵᠠᠬᠢᠳᠠᠯ ᠬᠤᠷᠢᠶᠠᠳᠠᠭ ᠮᠢᠨᠦ ᠴᠡᠩᠭᠡᠯ

        ᠲᠠᠯ᠎ᠠ ᠶᠢᠨ ᠮᠠᠯᠴᠢᠨ

ᠬᠦᠳᠡᠭᠡ ᠨᠤᠲᠤᠭ ᠲᠤ ᠲᠤᠶᠠᠭᠠᠷᠠᠵᠤ ᠮᠠᠨᠳᠤᠭᠰᠠᠨ ᠬᠦᠷᠳᠦᠨ ᠤᠯᠠᠭᠠᠨ ᠨᠠᠷᠠ

ᠬᠦᠬᠡ ᠤᠭᠲᠠᠷᠭᠤᠢ ᠳᠤ ᠰᠤᠪᠤᠷᠭᠠᠯᠠᠨ ᠪᠤᠰᠤᠭᠰᠠᠨ ᠪᠢᠯᠢᠭᠲᠦ ᠴᠠᠭᠠᠨ ᠡᠭᠦᠯᠡᠰ

ᠬᠦᠮᠡᠯᠢ ᠲᠠᠭᠠᠨ᠎ᠠ ᠳᠤ ᠠᠮᠲᠠᠷᠬᠠᠨ ᠢᠳᠡᠰᠢᠯᠡᠭᠰᠡᠨ ᠦᠷᠡᠵᠢᠯᠲᠦ ᠪᠠᠶᠠᠨ ᠰᠦᠷᠦᠭ

ᠬᠦᠯᠦᠭ ᠮᠤᠷᠢᠨ ᠳᠤ ᠤᠷᠭ᠎ᠠ ᠨᠠᠬᠢᠯᠵᠠᠭᠤᠯᠤᠭᠰᠠᠨ ᠲᠠᠯ᠎ᠠ ᠶᠢᠨ ᠡᠷᠡᠯᠬᠡᠭ ᠮᠠᠯᠴᠢᠳ

        ᠨᠠᠨᠳᠢᠨ ᠪᠠᠷᠢᠯᠳᠤᠯᠭ᠎ᠠ

ᠠᠮᠢ ᠨᠠᠰᠤ ᠶᠢ ᠤᠯᠭᠤᠭᠰᠠᠨ ᠡᠵᠢ ᠶᠢᠨ ᠡᠨᠡᠷᠢᠯ ᠬᠠᠢ᠌ᠷ᠎ᠠ

ᠠᠶᠤᠯ ᠵᠤᠪᠠᠯᠠᠩ ᠡᠴᠡ ᠴᠢᠯᠦᠭᠡᠯᠡᠭᠰᠡᠨ ᠨᠠᠮ ᠤᠨ ᠠᠴᠢ ᠭᠠᠪᠢᠶ᠎ᠠ

ᠠᠯᠬᠤᠵᠤ ᠮᠦᠯᠬᠦᠵᠦ ᠲᠤᠮᠤᠭᠠᠵᠢᠭᠤᠯᠤᠭᠰᠠᠨ ᠨᠤᠳᠤᠭ ᠤᠨ ᠠᠯᠳᠠᠨ ᠰᠢᠷᠤᠢ

ᠠᠢ᠌ᠯ ᠡᠷᠦᠬᠡ ᠪᠠᠢ᠌ᠭᠤᠯᠤᠭᠰᠠᠨ ᠠᠮᠠᠷᠠᠭ ᠤᠨ ᠨᠠᠨᠳᠢᠨ ᠪᠠᠷᠢᠯᠳᠤᠯᠭ᠎ᠠ

        ᠪᠤᠰᠠᠨᠢᠵᠤ ᠪᠤᠯᠤᠰᠢ ᠦᠭᠡᠢ ᠰᠤᠶᠤᠯ

ᠠᠪᠤ ᠳᠡᠭᠡᠳᠦ ᠶᠢᠨ ᠦᠮᠴᠢᠯᠡᠵᠦ ᠰᠠᠭᠤᠭᠰᠠᠨ ᠠᠯᠲᠠ ᠪᠠᠷ ᠰᠤᠯᠢᠬᠤ ᠦᠭᠡᠢ ᠨᠤᠲᠤᠭ

ᠠᠴᠢᠷ ᠦᠷᠡᠰ ᠤᠨ ᠦᠪᠯᠡᠵᠦ ᠠᠪᠤᠭᠰᠠᠨ ᠠᠰᠢᠭ ᠶᠢᠠᠷ ᠬᠤᠳᠠᠯᠳᠤᠬᠤ ᠦᠭᠡᠢ ᠤᠷᠤᠨ

ᠪᠤᠭᠳᠠ ᠴᠢᠩᠭᠢᠰ ᠤᠨ ᠡᠭᠦᠳᠴᠦ ᠬᠠᠢ᠌ᠷᠠᠯᠠᠭᠰᠠᠨ ᠪᠤᠰᠤᠭ᠎ᠠ ᠮᠤᠩᠭᠤᠯ ᠦᠰᠦᠭ

ᠪᠤᠮᠠᠨ ᠦᠶ᠎ᠡ ᠮᠢᠩᠭᠠᠨ ᠭᠠᠯᠪᠠ ᠳᠤ ᠪᠤᠰᠠᠨᠢᠵᠤ ᠪᠤᠯᠤᠰᠢ ᠦᠭᠡᠢ ᠰᠤᠶᠤᠯ

        ᠴᠢᠩᠭᠢᠰ ᠤᠨ ᠬᠤᠢ᠌ᠴᠢᠰ

ᠤᠤᠭᠤᠭᠰᠠᠨ ᠤᠰᠤ ᠪᠠᠨ ᠪᠢᠲᠡᠭᠦᠯᠡᠵᠦ ᠷᠠᠰᠢᠶᠠᠯᠠᠭᠰᠠᠨ ᠡᠵᠢ ᠶᠢᠨ ᠡᠩᠭᠦᠷᠡᠢ ᠪᠤᠳᠤᠯ

ᠤᠨᠠᠭᠰᠠᠨ ᠰᠢᠷᠤᠢ ᠪᠠᠨ ᠪᠠᠵᠠᠵᠤ ᠬᠤᠷᠮᠤᠢ᠌ᠯᠠᠭᠰᠠᠨ ᠠᠪᠤ ᠶᠢᠨ ᠬᠦᠭᠡᠷᠦᠬᠦᠢ ᠰᠡᠳᠬᠢᠯ

ᠠᠭᠤᠯᠠ ᠤᠪᠤᠭ᠎ᠠ ᠪᠠᠨ ᠰᠢᠲᠦᠵᠦ ᠲᠠᠬᠢᠭᠰᠠᠨ ᠮᠤᠩᠭᠤᠯ ᠤᠨ ᠤᠯᠠᠮᠵᠢᠯᠠᠯᠲᠤ ᠵᠠᠩᠰᠢᠯ

ᠤᠤᠷ ᠰᠤᠶᠤᠯ ᠶᠢᠠᠨ ᠬᠠᠮᠠᠭᠠᠯᠠᠵᠤ ᠬᠦᠭᠵᠢᠭᠦᠯᠦᠭᠰᠡᠨ ᠡᠵᠡᠨ ᠴᠢᠩᠭᠢᠰ ᠤᠨ ᠬᠤᠢ᠌ᠴᠢᠰ

        ᠵᠤᠬᠢᠶᠠᠯ ᠲᠤᠭᠤᠷᠪᠢᠬᠤ

ᠠᠯᠮᠠᠰ ᠡᠷᠳᠡᠨᠢ ᠡᠳ᠋ ᠮᠦᠩᠭᠦ ᠶᠢ ᠡᠷᠢᠵᠦ ᠤᠯᠬᠤᠶ᠎ᠠ ᠬᠢᠯᠪᠠᠷ

ᠠᠢ᠌ᠵᠠᠮᠳᠤ ᠰᠢᠯᠦᠭ ᠦᠯᠢᠭᠡᠷ ᠲᠤᠤᠯᠢᠰ ᠢ ᠵᠤᠬᠢᠶᠠᠨ ᠪᠦᠲᠦᠭᠡᠬᠦᠶ᠎ᠡ ᠪᠡᠷᠭᠡ

ᠠᠯᠳᠠᠨ ᠪᠤᠳᠢ 《ᠬᠦᠬᠡ ᠰᠤᠳᠤᠷ》᠊ᠤᠨ ᠲᠤᠷᠭᠠᠨ ᠬᠠᠭᠤᠳᠠᠰᠤ ᠶᠢ ᠰᠡᠭᠦᠬᠦᠶ᠎ᠡ

ᠠᠮᠳᠠᠳᠤ ᠵᠢᠮᠢᠰ ᠤᠶᠠᠩᠭ᠎ᠠ ᠶᠢᠨ ᠮᠤᠳᠤᠨ᠎ᠠ ᠠᠶᠠᠨᠳᠠᠭᠠᠨ ᠳᠡᠭᠦᠵᠢᠯᠡᠭᠳᠡᠬᠦ ᠪᠠᠢ᠌ᠯᠭᠦᠢ

        ᠲᠩᠷᠢᠯᠢᠭ᠌ ᠰᠤᠶᠤᠯ

ᠪᠤᠭᠤᠷᠤᠯ ᠡᠵᠢ ᠪᠤᠶᠠᠨᠳᠤ ᠠᠪᠤ ᠮᠢᠨᠦ ᠠᠮᠢᠳᠤ ᠶᠢᠨ ᠰᠢᠲᠦᠭᠡᠨ

ᠪᠤᠭᠳᠠ ᠡᠵᠡᠨ ᠴᠢᠩᠭᠢᠰ ᠬᠠᠭᠠᠨ ᠮᠢᠨᠦ ᠡᠪᠦᠭᠡ ᠳᠡᠭᠡᠳᠦᠰ

ᠪᠤᠷᠵᠢᠭᠢᠨ ᠤᠪᠤᠭ ᠤᠷᠤᠨ ᠨᠤᠲᠤᠭ ᠮᠢᠨᠦ ᠠᠢ᠌ᠮᠠᠭ ᠤᠭᠰᠠᠭ᠎ᠠ

ᠪᠤᠰᠤᠭ᠎ᠠ ᠦᠰᠦᠭ ᠪᠤᠯᠪᠠᠰᠤᠨ ᠬᠡᠯᠡ ᠮᠢᠨᠦ ᠲᠩᠷᠢᠯᠢᠭ᠌ ᠰᠤᠶᠤᠯ

        ᠪᠢᠴᠢᠭ᠌ ᠤᠨ ᠴᠡᠴᠡᠨ ᠬᠦᠮᠦᠰ

ᠪᠤᠷᠤᠭᠠᠨ ᠤ ᠳᠠᠷᠠᠭ᠎ᠠ ᠤᠭᠲᠠᠷᠭᠤᠢ ᠳᠤ ᠳᠠᠲᠠᠭᠰᠠᠨ ᠲᠠᠪᠤᠨ ᠦᠩᠭᠡ ᠶᠢᠨ ᠰᠤᠯᠤᠩᠭ᠎ᠠ

ᠪᠤᠳᠤᠯ ᠤᠨ ᠳᠤᠳᠤᠷ᠎ᠠ ᠤᠶᠠᠩᠭᠠᠷᠠᠨ ᠴᠠᠯᠭᠢᠯᠠᠭᠰᠠᠨ ᠳᠤᠯᠤᠭᠠᠨ ᠦᠭᠡ ᠶᠢᠨ ᠰᠢᠯᠦᠭ

ᠪᠤᠷᠬᠠᠨ ᠤᠩᠰᠢᠭᠴᠢ ᠳᠠᠷᠬᠠᠨ ᠨᠠᠢ᠌ᠷᠠᠭᠤᠯᠤᠭᠴᠢ ᠤᠷᠠᠨ ᠵᠤᠬᠢᠶᠠᠯᠴᠢ ᠶᠢᠨ ᠡᠩᠨᠡᠭᠡ

ᠪᠤᠰᠤᠭ᠎ᠠ ᠮᠤᠩᠭᠤᠯ ᠤᠨ ᠰᠤᠶᠤᠯ ᠢ ᠳᠡᠯᠭᠡᠷᠡᠭᠦᠯᠦᠭᠴᠢ ᠪᠢᠴᠢᠭ᠌ ᠤᠨ ᠴᠡᠴᠡᠨ ᠬᠦᠮᠦᠰ

        ᠪᠠᠶᠠᠷᠲᠤ ᠠᠮᠢᠳᠤᠷᠠᠯ

ᠬᠢᠶᠠᠭ ᠬᠠᠯᠢᠭᠤᠷᠠᠵᠤ ᠴᠡᠴᠡᠭ ᠮᠢᠷᠠᠯᠵᠠᠭᠰᠠᠨ ᠰᠢᠯᠢ ᠶᠢᠨ ᠨᠤᠭᠤᠭᠠᠨ ᠪᠡᠯᠴᠢᠭᠡᠷ

ᠬᠤᠨᠢᠳ ᠪᠡᠯᠴᠢᠵᠤ ᠠᠳᠤᠭᠤᠳ ᠲᠤᠷᠭᠢᠯᠳᠤᠭᠰᠠᠨ ᠭᠤᠪᠢ ᠶᠢᠨ ᠨᠤᠮᠢᠨ ᠪᠦᠷᠢᠳᠦ

ᠬᠠᠮᠠᠷ ᠴᠤᠷᠬᠢᠵᠤ ᠰᠠᠮᠰᠠ ᠰᠡᠩᠭᠢᠨᠡᠭᠰᠡᠨ ᠰᠦ᠋ ᠰᠠᠭᠠᠯᠢ ᠶᠢᠨ ᠦᠨᠦᠷ

ᠬᠠᠳᠠᠭ ᠡᠷᠭᠦᠵᠦ ᠰᠢᠯᠦᠭ ᠤᠶᠠᠩᠭᠠᠷᠠᠭᠰᠠᠨ ᠮᠠᠯᠴᠢᠳ ᠤᠨ ᠪᠠᠶᠠᠷᠲᠤ ᠠᠮᠢᠳᠤᠷᠠᠯ

        ᠵᠢᠷᠤᠮ ᠤᠨ ᠬᠤᠯᠪᠤᠭ᠎ᠠ

ᠠᠭᠳᠠ ᠶᠢᠨ ᠨᠢᠷᠤᠭᠤᠨ ᠳᠤ ᠵᠢᠯᠤᠭᠤ ᠬᠤᠯᠪᠤᠭᠰᠠᠨ ᠵᠠᠮ ᠤᠨ ᠨᠢᠭᠡᠨ ᠬᠠᠨᠢ

ᠠᠯᠤᠰ ᠤᠨ ᠠᠶᠠᠨ ᠳᠤ ᠵᠤᠤᠵᠠᠢ ᠬᠤᠯᠪᠤᠭᠰᠠᠨ ᠰᠡᠳᠬᠢᠯ ᠤᠨ ᠨᠢᠭᠡᠨ ᠨᠦᠬᠦᠷ

ᠳᠤᠭᠤᠨᠤᠳᠤ ᠭᠡᠷ ᠲᠤ ᠲᠤᠯᠤᠭᠠᠢ ᠬᠤᠯᠪᠤᠭᠰᠠᠨ ᠨᠠᠰᠤᠨ ᠤ ᠨᠢᠭᠡᠨ ᠬᠡᠯᠬᠢᠶ᠎ᠡ

ᠲᠤᠭᠤᠭ᠎ᠠ ᠲᠠᠢ ᠱᠦᠯᠦ ᠳᠤ ᠬᠤᠰᠢᠭᠤ ᠬᠤᠯᠪᠤᠭᠰᠠᠨ ᠵᠢᠷᠤᠮ ᠤᠨ ᠨᠢᠭᠡᠨ ᠬᠤᠯᠪᠤᠭ᠎ᠠ

        ᠡᠦᠭᠶᠤᠨ ᠮᠦᠴᠢᠷ

ᠴᠠᠰᠤᠨ ᠤ ᠳᠤᠤᠷ᠎ᠠ ᠡᠴᠡ ᠮᠦᠰᠢᠶᠡᠨ ᠳᠡᠯᠭᠡᠷᠡᠭᠰᠡᠨ ᠳᠡᠷᠢᠭᠦᠯᠡᠭᠴᠢ ᠴᠡᠴᠡᠭ ᠤᠨ ᠬᠡᠯᠲᠡᠰ

ᠴᠠᠪᠴᠢᠮ᠎ᠠ ᠬᠠᠳᠠᠨ ᠡᠴᠡ ᠴᠢᠳᠬᠤᠯᠠᠨ ᠪᠠᠭᠤᠭᠰᠠᠨ ᠮᠦᠩᠭᠦᠨ ᠬᠦᠷᠬᠢᠷ᠎ᠡ ᠶᠢᠨ ᠱᠤᠤᠭᠢᠶᠠᠨ

ᠰᠠᠷᠢᠳᠠᠭ ᠬᠠᠢ᠌ᠷᠬᠠᠨ ᠡᠴᠡ ᠰᠡᠪᠢᠯᠵᠡᠵᠦ ᠢᠷᠡᠭᠰᠡᠨ ᠤᠢ ᠶᠢᠨ ᠰᠡᠷᠢᠭᠦᠨ ᠰᠠᠯᠬᠢᠨ

ᠴᠠᠷᠠᠰᠤ ᠮᠠᠢ᠌ᠯᠠᠰᠤᠨ ᠡᠴᠡ ᠡᠩᠬᠡᠳᠡ ᠴᠡᠯᠭᠡᠷᠡᠭᠰᠡᠨ ᠨᠠᠷᠠᠰᠤᠨ ᠤ ᠡᠦᠭᠶᠤᠨ ᠮᠦᠴᠢᠷ

        ᠪᠤᠯᠤᠷ ᠪᠦᠮᠪᠦᠭᠡ

ᠪᠤᠯᠪᠠᠷᠠᠢ ᠴᠡᠴᠡᠭ ᠶᠢᠡᠨ ᠮᠦᠴᠢᠷ ᠲᠡᠭᠡᠨ ᠪᠦᠪᠡᠢ᠌ᠯᠡᠭᠰᠡᠨ ᠤᠳᠠ ᠶᠢᠨ ᠨᠢᠭᠡᠨ ᠰᠠᠯᠠᠭ᠎ᠠ

ᠪᠤᠷᠤᠭᠠᠨ ᠤ ᠰᠢᠮ᠎ᠡ ᠪᠡᠷ ᠭᠡᠰᠢᠭᠦᠦ ᠪᠡᠨ ᠰᠤᠩᠭᠠᠭᠰᠠᠨ ᠮᠤᠳᠤᠨ ᠤ ᠨᠢᠭᠡᠨ ᠨᠠᠮᠠᠭ᠎ᠠ

ᠤᠯᠠᠭᠠᠨ ᠰᠠᠷᠨᠠᠢ ᠶᠢᠨ ᠬᠡᠯᠳᠡᠰ ᠲᠤ ᠮᠡᠯᠳᠡᠩᠨᠡᠭᠰᠡᠨ ᠤᠰᠤᠨ ᠤ ᠨᠢᠭᠡᠨ ᠳᠤᠰᠤᠯ

ᠤᠬᠤᠨ᠎ᠠ ᠰᠢᠪᠳᠤᠷ ᠤᠨ ᠨᠠᠪᠴᠢᠨ ᠳᠤ ᠪᠦᠮᠪᠦᠭᠡᠨᠡᠭᠰᠡᠨ ᠪᠤᠯᠤᠷ ᠨᠢᠭᠡᠨ ᠪᠦᠮᠪᠦᠭᠡ

        ᠤᠨᠠᠭᠠᠨ ᠪᠠᠢ᠌ᠭᠠᠯᠢ ᠶᠢᠨ ᠡᠭᠡᠰᠢᠭ᠌

ᠠᠯᠢᠮ᠎ᠠ ᠵᠢᠮᠢᠰ ᠤᠨ ᠰᠢᠭᠦᠰᠦ ᠳᠤᠰᠤᠯᠠᠭᠰᠠᠨ ᠭᠤᠪᠢ ᠶᠢᠨ ᠨᠤᠮᠢᠨ ᠴᠡᠴᠡᠷᠯᠢᠭ

ᠠᠢ᠌ᠷᠠᠭ ᠳᠠᠷᠠᠭ ᠤᠨ ᠦᠨᠦᠷ ᠬᠠᠩᠬᠤᠯᠤᠭᠰᠠᠨ ᠰᠢᠯᠢ ᠶᠢᠨ ᠨᠤᠭᠤᠭᠠᠨ ᠳᠡᠨᠵᠢ

ᠴᠡᠩᠬᠡᠷ ᠭᠤᠷᠤᠬ᠎ᠠ ᠶᠢᠨ ᠤᠷᠤᠰᠬᠠᠯ ᠤᠨ ᠱᠤᠤᠬᠢᠶ᠎ᠠ ᠤᠶᠠᠩᠭ᠎ᠠ ᠨᠠᠢ᠌ᠷᠠᠯ ᠬᠦᠭᠵᠢᠮ

ᠴᠡᠯᠡᠭᠡᠷ ᠲᠠᠯ᠎ᠠ ᠶᠢᠨ ᠴᠡᠭᠴᠡᠦᠬᠡᠢ ᠶᠢᠨ ᠵᠢᠷᠭᠢᠭᠡᠨ ᠤᠨᠠᠭᠠᠨ ᠪᠠᠢ᠌ᠭᠠᠯᠢ ᠶᠢᠨ ᠡᠭᠡᠰᠢᠭ

        ᠤᠷᠢᠬᠠᠨ ᠬᠠᠪᠤᠷ ᠤᠨ ᠮᠡᠳᠡᠭᠡ

ᠠᠭᠯᠠᠭ ᠠᠭᠤᠯᠠᠨ᠎ᠠ ᠪᠤᠭᠤ ᠤᠷᠤᠮᠳᠠᠵᠤ ᠬᠦᠬᠦᠭᠡ ᠰᠢᠪᠠᠭᠤ ᠳᠤᠩᠭᠤᠳᠤᠷᠤᠨ

ᠠᠲᠠᠷ ᠬᠡᠭᠡᠷ᠎ᠡ ᠬᠦᠬᠡᠷᠡᠨ ᠨᠤᠭᠤᠭᠠᠷᠠᠵᠤ ᠤᠨᠠᠭ᠎ᠠ ᠳᠠᠭ᠎ᠠ ᠳᠠᠪᠬᠢᠯᠳᠤᠮᠤᠢ

ᠠᠷᠢᠭᠤᠨ ᠤᠷᠤᠰᠬᠠᠯ ᠭᠤᠷᠴᠢᠬᠢᠨᠠᠨ ᠤᠷᠤᠰᠴᠤ ᠤᠳᠠᠨ ᠮᠦᠴᠢᠷ ᠨᠠᠬᠢᠶᠠᠯᠠᠷᠤᠨ

ᠠᠶᠠᠰ ᠤᠨ ᠰᠠᠯᠬᠢᠨ ᠢᠯᠪᠢᠨ ᠰᠡᠷᠴᠢᠬᠢᠨᠡᠵᠦ ᠤᠷᠢᠬᠠᠨ ᠬᠠᠪᠤᠷ ᠢ ᠮᠡᠳᠡᠭᠡᠯᠡᠮᠤᠢ

ᠵᠤᠬᠢᠶᠠᠭᠴᠢ᠄ ᠮᠢᠵᠢᠳᠰᠠᠩᠪᠤ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 73146
ᠴᠠᠭ᠄ 2018 ᠤᠨ ᠤ 04 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ