☆ ᠡᠷᠳᠡᠨᠢᠪᠠᠭᠠᠨ᠎ᠠ
ᠵᠤᠨ ᠤ ᠳᠡᠯᠭᠡᠷ ᠠᠶᠠᠯᠭᠤ
ᠳᠡᠯᠭᠡᠷ ᠵᠤᠨ ᠤ ᠰᠡᠳᠭᠢᠯ ᠤᠨ ᠨᠤᠳᠠᠯᠠᠯ
ᠨᠤᠭᠤᠭᠠᠨ ᠨᠠᠪᠴᠢ ᠶᠢᠨ ᠰᠡᠷᠪᠠᠯᠵᠡᠭᠡᠨ ᠮᠢᠨᠢ
ᠳᠡᠭᠡᠳᠤ ᠳᠡᠭ᠍ᠷᠢ ᠶᠢᠨ ᠰᠠᠨᠠᠯ ᠤᠨ ᠪᠠᠷᠢᠮᠳᠠ
ᠶᠠᠭᠠᠨ ᠴᠡᠴᠡᠭ᠌ ᠤᠨ ᠮᠦᠰᠢᠶᠠᠯ ᠮᠢᠨᠢ
ᠨᠤᠳᠤᠭ ᠤᠨ ᠭᠦᠷᠦᠰᠤᠨ ᠤ ᠬᠠᠯᠠᠭᠤᠨ ᠣᠨᠤᠯᠳᠠ
ᠬᠠᠩᠬᠤᠯᠤᠮᠠᠯ ᠣᠯᠠᠭᠠᠨᠬᠤᠸᠠᠷ ᠮᠢᠨᠢ
ᠨᠤᠷ᠎ᠠ ᠡᠯᠡᠰᠤᠨ ᠤ ᠠᠤᠭ᠎ᠠ ᠨᠢᠴᠤᠭᠠᠯᠳᠠ
ᠬᠠᠢ᠌ᠯᠠᠰᠤᠨ ᠤ ᠤᠨᠵᠢᠭᠠᠷ ᠰᠡᠯᠠᠭ᠎ᠠ ᠮᠢᠨᠢ
ᠭᠡᠭᠡᠷ᠎ᠡ ᠳᠠᠯ᠎ᠠ ᠶᠢᠨ ᠭᠤᠸ᠎ᠠ ᠣᠨᠤᠯᠵᠢᠭᠤᠯᠤᠯᠳᠠ
ᠭᠦᠮᠡᠯᠢ᠂ ᠳᠠᠭᠠᠨ᠎ᠠ᠂ ᠭᠤᠭᠤᠳ ᠮᠢᠨᠢ
ᠭᠡᠭᠦᠳᠡᠭ᠌ ᠴᠡᠭᠡᠵᠢᠨ ᠤ ᠬᠠᠯᠠᠭᠤᠨ ᠠᠮᠢᠰᠬᠤᠯ
ᠭᠦᠢᠯᠡᠰᠤ᠂ ᠮᠠᠩᠭᠢᠷ᠂ ᠳᠡᠮᠡᠭᠡᠨ ᠭᠦᠭᠦ ᠮᠢᠨᠢ
ᠡᠪᠦᠭᠡ ᠳᠡᠭᠡᠳᠤ ᠶᠢᠨ ᠬᠠᠳᠠᠭᠤ ᠰᠤᠷᠭᠠᠯ
ᠡᠭᠡᠭᠡᠮᠡ ᠨᠠᠷᠠᠨ ᠤ ᠢᠯᠴᠢᠭᠢᠨᠠᠮᠠ ᠢᠯᠴᠢ ᠮᠢᠨᠢ
ᠡᠷᠳᠡᠨ ᠤ ᠭᠦᠮᠤᠨ ᠤ ᠮᠦᠷ ᠬᠤᠷᠭᠤᠭᠰᠠᠨ
ᠡᠭᠡᠯᠢᠳᠤ ᠣᠷᠤᠨ ᠤ ᠨᠥᠮᠵᠦᠭ᠌ ᠰᠢᠷᠤᠢ ᠮᠢᠨᠢ
ᠴᠡᠭ᠍ᠴᠡᠦᠭᠡᠢ ᠰᠢᠪᠠᠭᠤᠨ ᠤ ᠣᠶᠠᠬᠠᠨ ᠵᠢᠷᠭᠢᠶᠠᠨ
ᠴᠡᠯᠭᠡᠮ᠎ᠡ ᠮᠤᠳᠤᠨ ᠤ ᠳᠠᠭᠠᠳᠠᠢ ᠳᠡᠭ᠍ᠷᠢᠯᠢᠭ᠌ ᠭᠦᠭ᠍ᠵᠢᠮ ᠮᠢᠨᠢ
ᠴᠡᠩᠭᠡᠷ ᠳᠡᠭ᠍ᠷᠢ ᠶᠢᠨ ᠮᠢᠠᠳᠠᠰᠤᠨ ᠴᠠᠭᠠᠨ ᠡᠭᠦᠯᠡᠰ
ᠴᠡᠪᠠᠷᠭᠡᠨ ᠣᠷᠤᠨ ᠤ ᠥᠭᠡᠳᠡᠩ ᠴᠠᠭᠠᠨ ᠰᠤᠪᠣᠤᠨ ᠮᠢᠨᠢ
ᠮᠢᠩᠭ᠋ᠠᠨ ᠮᠢᠩᠭ᠋ᠠᠨ ᠵᠠᠭᠤᠨ ᠤ ᠮᠥᠩᠭᠡ ᠶᠢᠨ ᠨᠢᠭᠡᠨ ᠵᠢᠷᠤᠭ
ᠮᠦᠷᠦᠭᠡᠳᠦᠯ ᠤᠨ ᠠᠯᠳᠠᠨ ᠭᠡᠯᠡᠨ ᠤ ᠡᠮᠳᠡᠷᠭᠦ ᠦᠭᠡᠶ ᠵᠤᠳᠤᠭ ᠮᠢᠨᠢ
ᠲᠦᠮᠡ ᠲᠦᠮᠡ ᠣᠳᠤᠨ ᠤ ᠭᠦᠯᠳᠡᠭᠦ ᠦᠭᠡᠶ ᠴᠠᠭᠠᠨ ᠳᠤᠮᠤᠭ
ᠳᠦᠷᠤᠯᠭᠢ ᠨᠤᠳᠤᠭ ᠤᠨ ᠣᠢ᠌ᠤᠠᠬᠤ ᠦᠭᠡᠶ ᠨᠡᠯᠦᠭᠡᠷ ᠭᠦᠪᠴᠢ ᠮᠢᠨᠢ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10336
ᠴᠠᠭ᠄ 2013 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ