ᠨᠡᠪᠲᠡᠷᠡᠨ ᠤᠷᠤᠬᠤ
ᠣᠷᠴᠢᠯᠠᠩ ᠶᠠᠭᠤ ᠪᠠᠷ ᠪᠦᠷᠢᠯᠳᠦᠭᠰᠡᠨ ᠪᠤᠢ︖

ᠣᠷᠴᠢᠯᠠᠩ ᠪᠣᠯ ᠪᠣᠳᠠᠰ ᠶᠢᠡᠷ ᠪᠦᠳᠦᠭ᠍ᠰᠡᠨ ᠶᠤᠮ᠂ ᠣᠷᠴᠢᠯᠠᠩ ᠨᠢ ᠶᠠᠩᠵᠤ ᠪᠦᠷᠢ ᠶᠢᠨ ᠲᠦᠯᠦᠪ ᠪᠠᠢ᠌ᠳᠠᠯᠳᠠᠢ ᠭᠦᠳᠡᠯᠭᠡᠭᠡᠡᠳᠤ ᠪᠣᠳᠠᠰ ᠶᠢᠡᠷ ᠳᠦᠭᠦᠷᠦᠭ᠍ᠰᠡᠨ ᠪᠠᠢ᠌ᠳᠠᠭ᠃

ᠮᠠᠨ ᠤ ᠣᠷᠤᠰᠢᠨ ᠰᠠᠭᠤᠵᠤ ᠪᠠᠢ᠌ᠭ᠎ᠠ ᠳᠡᠯᠡᠭᠡᠢ ᠶᠢᠨ ᠪᠦᠮᠪᠦᠷᠴᠡᠭ᠌ ᠪᠣᠯ ᠨᠠᠷᠠᠨ ᠤ ᠳᠤᠮᠤ ᠭᠠᠷᠠᠭ ᠣᠳᠤᠨ ᠤ ᠨᠢᠭᠡ ᠨᠢ ᠶᠤᠮ᠃ ᠨᠠᠷᠠᠨ ᠳᠤ ᠶ‍ᠢᠰᠤᠨ ᠳᠤᠮᠤ ᠭᠠᠷᠠᠭ ᠣᠳᠤ ᠪᠠᠰᠠ 40 ᠳᠠᠭᠠᠭᠤᠯᠢ ᠣᠳᠤᠨ ᠪᠠ ᠳᠤᠭ᠎ᠠ ᠳᠤᠮᠰᠢ ᠦᠭᠡᠶ ᠣᠯᠠᠨ ᠪᠢᠴᠢᠬᠠᠨ ᠭᠠᠷᠠᠭ ᠣᠳᠤ᠂ ᠱᠥᠭᠦᠷ ᠣᠳᠤ ᠪᠠ ᠰᠤᠯᠢᠷ ᠣᠳᠤᠨ ᠵᠡᠷᠭᠡ ᠣᠳᠤᠨ ᠴᠤᠭᠴᠠᠰ ᠲᠡᠶ᠃ ᠡᠳᠡᠭᠡᠷ ᠳᠡᠭ᠍ᠷᠢ ᠶᠢᠨ ᠴᠤᠭᠴᠠᠰ ᠨᠢ ᠮᠠᠨ ᠤ ᠨᠠᠷᠠᠨ ᠠᠢ᠌ᠮᠠᠭ ᠪᠣᠯᠵᠤ ᠪᠦᠷᠢᠯᠳᠦᠵᠡᠢ᠂ ᠳᠡᠳᠡᠭᠡᠷ ᠨᠢ ᠳᠡᠯᠡᠭᠡᠢ ᠶᠢᠨ ᠪᠦᠮᠪᠦᠷᠴᠡᠭ᠌ ᠡᠴᠡ ᠨᠠᠯᠢᠶᠠᠤᠨ ᠣᠢ᠌ᠷ᠎ᠠ ᠪᠠᠢ᠌ᠭ᠎ᠠ ᠳᠤᠯᠠ ᠭᠦᠮᠦᠰ ᠤᠨ ᠨᠠᠯᠢᠶᠠᠤᠨ ᠣᠢ᠌ᠯᠠᠭᠠᠭᠰᠠᠨ ᠳᠡᠭ᠍ᠷᠢ ᠶᠢᠨ ᠴᠤᠭᠴᠠᠰ ᠶᠤᠮ᠃ ᠳᠡᠭᠡᠪᠠᠯ ᠡᠳᠡᠭᠡᠷ ᠡᠴᠡ ᠭᠠᠳᠠᠨ᠎ᠠ ᠣᠭᠤᠰᠤᠷ ᠪᠦᠴᠡ ᠦᠭᠡᠶ ᠣᠷᠴᠢᠯᠠᠩ ᠤᠨ ᠣᠭᠳᠠᠷᠭᠤᠢ ᠳᠤ ᠥᠭᠡᠷ᠎ᠡ ᠶᠠᠭᠤ ᠶᠠᠭᠤ ᠪᠠᠢ᠌ᠳᠠᠭ ᠪᠣᠢ

ᠰᠠᠷᠠᠭᠤᠯ ᠰᠦᠨᠢ ᠣᠭᠳᠠᠷᠭᠤᠢ ᠶᠢᠨ ᠳᠠᠩᠨᠠᠢ ᠳᠤ ᠭᠢᠯᠠᠯᠵᠠᠨ ᠬᠠᠷᠠᠭᠳᠠᠳᠠᠭ ᠣᠳᠤᠳ ᠤᠨ ᠣᠯᠠᠩᠭᠢ ᠨᠢ ᠠᠰᠢᠳᠠ ᠶᠢᠨ ᠣᠳᠤᠨ ᠮᠦᠨ᠃ ᠠᠰᠢᠳᠠ ᠶᠢᠨ ᠣᠳᠤᠨ ᠪᠣᠯ ᠨᠠᠷᠠ ᠲᠡᠶ ᠠᠳᠠᠯᠢ ᠪᠠᠷ ᠳᠤᠰ ᠪᠠᠶ᠎ᠠ ᠨᠢ ᠭᠡᠷᠡᠯ ᠭᠠᠷᠳᠠᠭ ᠣᠳᠤᠨ ᠪᠦᠮᠪᠦᠷᠴᠡᠭ᠌ ᠪᠣᠯᠤᠨ᠎ᠠ᠃ ᠮᠠᠨ ᠤ ᠳᠡᠭ᠍ᠷᠢ ᠶᠢᠨ ᠣᠶᠤᠳᠠᠯ ᠤᠨ ᠠᠢ᠌ᠮᠠᠭ ᠲᠤ ᠮᠢᠩᠭ᠋ᠠᠨ ᠳ᠋ᠦ᠋ᠩᠰᠢᠭᠤᠷ ᠭᠠᠷᠤᠢ ᠠᠰᠠᠳᠠ ᠶᠢᠨ ᠣᠳᠤᠨ ᠪᠣᠢ᠃ ᠡᠳᠡᠭᠡᠷ ᠠᠰᠢᠳᠠ ᠶᠢᠨ ᠣᠳᠤᠳ ᠨᠢ ᠬᠠᠷᠢᠯᠴᠠᠨ ᠶᠡᠭᠡ ᠵᠦᠷᠢᠶ᠎ᠠ ᠲᠡᠶ᠃ ᠣᠷᠴᠢᠯᠠᠩ ᠳᠤ ᠪᠠᠢ᠌ᠭ᠎ᠠ ᠳᠤᠭ᠎ᠠ ᠳᠤᠮᠰᠢ ᠦᠭᠡᠶ ᠣᠯᠠᠨ ᠠᠰᠢᠳᠠ ᠶᠢᠨ ᠣᠳᠤᠳ ᠨᠢ ᠶᠠᠩᠵᠤ ᠪᠦᠷᠢ ᠶᠢᠨ ᠪᠠᠢ᠌ᠳᠠᠭ᠃ ᠵᠠᠷᠢᠮ ᠨᠢ ᠳᠤᠩ ᠭᠡᠷᠡᠯᠳᠡᠢ᠂ ᠨᠠᠷᠠᠨ ᠡᠴᠡ ᠭᠡᠳᠤᠨ ᠵᠠᠭᠤᠨ ᠳᠠᠭᠢᠨ ᠡᠴᠡ ᠲᠦᠮᠡᠨ ᠳᠠᠭᠢᠨ ᠭᠡᠷᠡᠯᠳᠡᠢ ᠶᠢ ᠨᠢ ᠳᠤᠮᠤ ᠣᠳᠤᠨ ᠭᠡᠨ᠎ᠡ᠂ ᠨᠠᠷᠠᠨ ᠡᠴᠡ ᠲᠦᠮᠡ ᠡᠴᠡ ᠭᠡᠳᠤᠨ ᠵᠠᠭᠤᠨ ᠲᠦᠮᠡᠨ ᠳᠠᠭᠢᠨ ᠭᠡᠷᠡᠯᠳᠡᠢ ᠶᠢ ᠨᠢ ᠭᠡᠳᠤ ᠳᠤᠮᠤ ᠣᠳᠤᠨ ᠭᠡᠨ᠎ᠡ᠂ ᠭᠡᠷᠡᠯ ᠪᠠᠭᠠᠳᠠᠢ ᠣᠳᠤ ᠶᠢ ᠨᠢ ᠣᠳᠤᠢ ᠣᠳᠤ ᠭᠡᠨ᠎ᠡ᠂ ᠵᠠᠷᠢᠮ ᠣᠳᠤᠢ ᠣᠳᠤᠨ ᠤ ᠭᠡᠷᠡᠯ ᠨᠢ ᠨᠠᠷᠠᠨ ᠤ ᠭᠡᠳᠤᠨ ᠲᠦᠮᠡᠨ ᠬᠤᠪᠢ ᠶᠢᠨ ᠨᠢᠭᠡ ᠳᠠᠳᠤᠢ ᠯᠠ ᠪᠠᠢ᠌ᠳᠠᠭ᠃ ᠭᠡᠳᠤ ᠳᠤᠮᠤ ᠣᠳᠤᠳ ᠨᠢ ᠠᠰᠢᠳᠠ ᠶᠢᠨ ᠣᠳᠤᠨ ᠤ ᠶ‍ᠢᠷᠳᠢᠠᠴᠤ ᠶᠢᠨ ᠠᠪᠣᠷᠭᠤ ᠪᠠᠶᠠᠳᠠᠨ ᠳᠤ ᠳᠤᠭᠠᠴᠠᠭᠳᠠᠨ᠎ᠠ᠂ ᠳᠠᠳᠠᠨ ᠤ ᠡᠵᠡᠯᠡᠭᠦᠨ ᠨᠢ ᠠᠰᠤᠷᠤ ᠶᠡᠭᠡ ᠪᠠᠢ᠌ᠳᠠᠭ᠂ ᠵᠠᠷᠢᠮ ᠨᠢ ᠨᠠᠷᠠᠨ ᠤ ᠠᠢ᠌ᠮᠠᠭ ᠳᠠᠭᠢ ᠨᠠᠷᠠ ᠶᠢ ᠳᠤᠭᠤᠷᠢᠨ ᠡᠷᠭᠢᠵᠤ ᠪᠠᠢ᠌ᠭ᠎ᠠ ᠮᠤᠳᠤᠨ ᠣᠳᠤᠨ ᠤ ᠳᠤᠭᠤᠷᠢᠯᠳᠠ ᠶᠢᠨ ᠵᠠᠮ ᠡᠴᠡ ᠴᠤ ᠶᠡᠭᠡ ᠪᠠᠢ᠌ᠳᠠᠭ᠃ ᠠᠰᠢᠳᠠ ᠶᠢᠨ ᠣᠳᠤᠨ ᠤ ᠶ‍ᠢᠷᠳᠢᠠᠴᠤ ᠶᠢᠨ ᠪᠣᠭᠤᠨᠢ ᠪᠠᠶᠠᠳᠠᠨ ᠭᠡᠪᠠᠯ ᠴᠠᠭᠠᠨ ᠣᠳᠤᠢ ᠣᠳᠤ ᠪᠣᠯᠬᠤ ᠶᠤᠮ᠂ ᠵᠠᠷᠢᠮ ᠴᠠᠭᠠᠨ ᠣᠳᠤᠢ ᠣᠳᠤ ᠨᠢ ᠳᠡᠯᠡᠭᠡᠢ ᠶᠢᠨ ᠪᠦᠮᠪᠦᠷᠴᠡᠭ᠌ ᠤᠨ ᠭᠡᠳᠤᠨ ᠠᠷᠪᠠᠨ ᠬᠤᠪᠢᠨ ᠤ ᠨᠢᠭᠡ ᠳᠠᠳᠣᠢ᠌ᠯᠠ ᠪᠠᠢ᠌ᠳᠠᠭ᠃ ᠭᠡᠳᠡᠯ᠎ᠡ ᠴᠠᠭᠠᠨ ᠣᠳᠤᠢ ᠣᠳᠤᠨ ᠳᠤ ᠨᠢᠭᠡᠨ ᠭᠠᠢ᠌ᠬᠠᠯᠳᠠᠢ ᠰᠢᠠᠵᠢ ᠴᠢᠨᠠᠷ ᠪᠠᠢ᠌ᠳᠠᠭ᠂ ᠳᠡᠭᠦᠨ ᠤ ᠳᠡᠭᠡᠷᠡᠭᠢ ᠪᠣᠳᠠᠰ ᠨᠢ ᠣᠠᠴᠠᠭᠠᠢ ᠭᠦᠡᠳᠤ ᠪᠠᠢ᠌ᠵᠤ᠂ ᠺᠦᠪ ᠰᠠᠠᠲ᠋ᠢᠮᠸᠲ᠋ᠷ ᠪᠦᠷᠢ ᠳᠡᠭᠡᠨ ᠭᠡᠳᠤᠨ ᠠᠷᠪᠠᠨ ᠺᠢᠯᠦᠭ᠍ᠷᠡᠮ᠂ ᠭᠡᠳᠤᠨ ᠳᠤᠨ ᠪᠣᠶᠤ ᠮᠢᠩᠭ᠋ᠠᠭᠠᠤᠨ ᠳᠤᠨ ᠭᠦᠡᠳᠤ ᠪᠠᠢ᠌ᠳᠠᠭ᠃ ᠴᠠᠭᠠᠨ ᠣᠳᠤᠢ ᠣᠳᠤ ᠨᠢ ᠨᠸᠲ᠋ᠷᠤᠨ ᠣᠳᠤ ᠶᠢ ᠪᠣᠳᠤᠪᠠᠯ ᠬᠠᠷᠢᠨ ᠠᠪᠣᠷᠭᠤ ᠪᠠᠶᠠᠳᠠᠨ ᠪᠣᠯᠴᠢᠬᠤ ᠶᠤᠮ᠃ ᠨᠸᠲ᠋ᠷᠤᠨ ᠣᠳᠤ ᠪᠣᠯ 1967 ᠣᠨ ᠳᠤ ᠢᠯᠡᠷᠡᠭᠦᠯᠦᠭ᠍ᠰᠡᠨ ᠠᠰᠢᠳᠠ ᠶᠢᠨ ᠣᠳᠤᠨ ᠶᠤᠮ᠃ ᠳᠡᠭᠦᠨ ᠢ ᠥᠵᠡᠭᠦ ᠳᠤ ᠵᠢᠪ ᠵᠢᠭᠠᠬᠠᠨ ᠷᠠᠳᠢᠤᠰ ᠨᠢ ᠵᠥᠪᠭᠡᠨ 10 ᠺᠢᠯᠤᠮᠸᠲ᠋ᠷ ᠭᠢᠷᠢᠳᠡᠢ᠌ᠭᠡᠨ ᠪᠣᠯᠪᠠᠴᠤ ᠡᠨᠡᠭᠦ ᠣᠳᠤᠨ ᠳᠡᠭᠡᠷᠡᠭᠢ ᠪᠣᠳᠠᠰ ᠨᠢ ᠴᠠᠭᠠᠨ ᠣᠳᠤᠢ ᠣᠳᠤᠨ ᠤ ᠭᠢ ᠡᠴᠡ ᠴᠤ ᠭᠦᠡᠳᠤ ᠪᠠᠢ᠌ᠳᠠᠭ᠃ ᠺᠦᠪ ᠰᠠᠠᠲ᠋ᠢᠮᠸᠲ᠋ᠷ ᠪᠣᠳᠠᠰ ᠢ ᠨᠢ ᠲᠦᠮᠡᠨ ᠳᠤᠨ ᠤ ᠳᠠᠭᠠᠭᠠᠴᠠᠳᠠᠢ ᠲᠦᠮᠡᠨ ᠭᠦᠯᠭᠡ ᠣᠩᠭ᠋ᠤᠴᠠ ᠪᠠᠷ ᠰᠠ‍‌ᠶᠢ ᠳᠡᠭᠡᠭᠡᠵᠤ ᠳᠡᠢ᠌ᠯᠭᠦ ᠶᠤᠮ᠃ ᠨᠸᠲ᠋ᠷᠤᠨ ᠣᠳᠤ ᠨᠢ ᠪᠠᠰᠠ ᠳᠠᠰᠤᠷᠠᠯᠳᠠ ᠦᠭᠡᠶ ᠯᠤᠭᠰᠢᠯ ᠴᠠᠭᠢᠯᠭᠠᠨ ᠡᠭᠦᠰᠭᠡᠵᠤ ᠪᠠᠢ᠌ᠳᠠᠭ᠂ ᠰᠸᠺᠦ᠋ᠨᠳ᠋ ᠪᠦᠷᠢ ᠳᠤ ᠭᠡᠳᠤᠨ ᠠᠷᠪᠠᠨ ᠯᠤᠭᠰᠢᠯ ᠴᠠᠭᠢᠯᠭᠠᠨ ᠡᠭᠦᠰᠭᠡᠵᠤ᠂ ᠰᠸᠺᠦ᠋ᠨᠳ᠋ ᠳᠤ ᠡᠭᠦᠰᠭᠡᠵᠤ ᠪᠠᠢ᠌ᠭ᠎ᠠ ᠴᠠᠭᠢᠯᠭᠠᠨ ᠤ ᠭᠡᠮᠵᠢᠶ᠎ᠡ ᠨᠢ ᠪᠦᠭᠦ ᠳᠡᠯᠡᠭᠡᠢ ᠶᠢᠨ 15 ᠳ᠋ᠦ᠋ᠩᠰᠢᠭᠤᠷ ᠵᠢᠯ ᠭᠡᠷᠡᠭᠯᠡᠭᠦ ᠴᠠᠭᠢᠯᠭᠠᠨ ᠲᠡᠶ ᠳᠠᠩᠴᠠᠨ᠎ᠠ᠃ ᠡᠢ᠌ᠮᠦᠷᠭᠦ ᠣᠳᠤ ᠶᠢ ᠣᠳᠤᠬᠠᠨ ᠳᠤ ᠨᠢᠭᠡ᠊ᠨᠳᠡ 300 ᠭᠠᠷᠤᠢ ᠢᠯᠡᠷᠡᠭᠦᠯᠵᠡᠢ᠃

ᠠᠰᠢᠳᠠ ᠶᠢᠨ ᠣᠳᠤᠨ ᠨᠢ ᠶᠡᠷᠦᠳᠡᠭᠡᠨ ᠰᠥᠷᠦᠭᠯᠡᠨ ᠠᠮᠢᠳᠤᠷᠠᠬᠤ ᠳᠤᠷᠠᠳᠠᠢ ᠪᠠᠢ᠌ᠳᠠᠭ᠂ ᠣᠭᠳᠠᠷᠭᠤᠢ ᠶᠢᠨ ᠳᠠᠩᠨᠠᠢ ᠳᠤ ᠣᠳᠤᠨ ᠮᠠᠴᠢᠳ ᠬᠤᠤᠰ ᠬᠤᠤᠰ ᠶᠢᠡᠷ ᠨᠠᠢ᠌ᠯᠠᠨ ᠵᠡᠷᠭᠡᠴᠡᠵᠤ᠂ ᠶᠠᠮᠠᠷ ᠨᠢᠭᠡᠨ ᠵᠢᠮ᠎ᠠ ᠬᠠᠤᠯᠢ ᠪᠠᠷ ᠬᠠᠷᠢᠯᠴᠠᠨ ᠳᠤᠭᠤᠷᠢᠨ ᠡᠷᠭᠢᠵᠤ ᠪᠠᠢ᠌ᠳᠠᠭ᠂ ᠰᠢᠡᠵᠢᠯᠡᠭᠦ ᠣᠬᠠᠭᠠᠨ ᠳᠤ ᠡᠭᠦᠨ ᠢ ᠬᠤᠤᠰ ᠣᠳᠤᠨ ᠭᠡᠳᠡᠭ᠌᠃ ᠪᠠᠷᠤᠭ ᠬᠠᠭᠠᠰ ᠳᠤᠭᠠᠨ ᠤ ᠣᠳᠤᠳ ᠨᠢ ᠴᠦᠮ ᠢᠩᠭᠢᠵᠤ ᠬᠤᠤᠰ ᠬᠤᠤᠰ ᠶᠢᠡᠷ ᠠᠮᠢᠳᠤᠷᠠᠵᠤ ᠪᠣᠢ᠃ ᠨᠠᠩ ᠵᠠᠷᠢᠮ ᠨᠢ ᠭᠤᠷᠪᠠ ᠳᠦᠷᠪᠡ ᠪᠠᠷ ᠨᠢᠭᠡ ᠳᠤᠤᠷ᠎ᠠ ᠴᠤᠭᠯᠠᠷᠠᠳᠠᠭ ᠪᠣᠶᠤ ᠵᠠᠷᠢᠮ ᠳᠠᠭᠠᠨ ᠠᠷᠪᠠᠭᠠᠤᠨ ᠶᠢᠡᠷ ᠴᠢᠨᠠᠭᠰᠢᠯᠠᠪᠠᠯ ᠮᠢᠩᠭ᠋᠎ᠠ ᠲᠦᠮᠡ ᠪᠠᠷ ᠨᠢᠭᠡ ᠳᠤᠤᠷ᠎ᠠ ᠴᠤᠭᠯᠠᠷᠠᠨ ᠪᠦᠭᠡᠮᠨᠡᠷᠡᠳᠡᠭ᠌᠂ ᠡᠭᠦᠨ ᠢ 《ᠣᠳᠤᠨ ᠪᠦᠭᠡᠮ》 ᠭᠡᠨ᠎ᠡ᠃ ᠳᠡᠭ᠍ᠷᠢ ᠶᠢᠨ ᠣᠶᠤᠳᠠᠯ ᠤᠨ ᠠᠢ᠌ᠮᠠᠭ ᠲᠤ ᠡᠢ᠌ᠮᠤ ᠣᠳᠤᠨ ᠪᠦᠭᠡᠮ ᠮᠢᠩᠭ᠋᠎ᠠ ᠭᠠᠷᠤᠢ ᠪᠠᠢ᠌ᠭ᠎ᠠ ᠶᠢ ᠨᠢᠭᠡᠨᠳᠡ ᠣᠯᠵᠤ ᠮᠠᠳᠠᠵᠠᠢ᠂ ᠪᠠᠰᠠ ᠮᠠᠰᠢ ᠣᠯᠠᠨ ᠢ ᠨᠢ ᠣᠳᠤ ᠪᠣᠯᠳᠠᠯ᠎ᠠ ᠣᠯᠵᠤ ᠮᠡᠳᠡᠭᠡᠳᠦᠢ ᠪᠠᠢ᠌ᠭᠰᠠᠭᠠᠷ᠂ ᠪᠠᠷᠤᠭᠯᠠᠬᠤ ᠳᠤ ᠲᠦᠮᠡ ᠭᠠᠷᠤᠢ ᠪᠣᠢ᠃

ᠠᠰᠢᠳᠠ ᠶᠢᠨ ᠣᠳᠤᠨ ᠤ ᠶ‍ᠢᠷᠳᠢᠠᠴᠤ ᠳᠤ ᠪᠠᠰᠠ ᠨᠢᠭᠡ ᠵᠣᠢ᠌ᠯ ᠤᠨ ᠭᠡᠷᠡᠯᠳᠦᠴᠡ ᠨᠢ ᠬᠤᠪᠢᠷᠠᠳᠠᠭ ᠣᠳᠤᠨ ᠪᠠᠢ᠌ᠳᠠᠭ ᠢ ᠬᠤᠪᠢᠯᠳᠠᠭ ᠣᠳᠤ ᠭᠡᠨ᠎ᠡ᠃ ᠬᠤᠪᠢᠯᠳᠠᠭ ᠣᠳᠤᠨ ᠤ ᠵᠠᠷᠢᠮ ᠤᠨ ᠭᠢᠨᠢ ᠬᠤᠪᠢᠷᠠᠯᠳᠠ ᠨᠢ ᠵᠢᠮ᠎ᠠ ᠬᠠᠤᠯᠢ ᠲᠡᠶ᠂ ᠵᠠᠷᠢᠮ ᠤᠨ ᠭᠢᠨᠢ ᠵᠢᠮ᠎ᠠ ᠬᠠᠤᠯᠢ ᠦᠭᠡᠶ ᠪᠠᠢ᠌ᠳᠠᠭ᠂ ᠣᠳᠤ ᠨᠢᠭᠡᠨᠳᠡ ᠬᠤᠶᠠᠷ ᠲᠦᠮᠡ ᠭᠠᠷᠤᠢ ᠬᠤᠪᠢᠯᠳᠠᠭ ᠣᠳᠤ ᠪᠠᠢ᠌ᠬᠤ ᠶᠢ ᠣᠯᠵᠤ ᠮᠠᠳᠠᠪᠠ᠃ ᠵᠠᠷᠢᠮ ᠳᠠᠭᠠᠨ ᠣᠭᠳᠠᠷᠭᠤᠢ ᠳᠤᠮᠳᠠ ᠨᠢᠭᠡᠨ ᠮᠠᠰᠢ ᠭᠡᠷᠡᠯᠳᠡᠢ ᠣᠳᠤ ᠭᠠᠷᠤᠭᠠᠤᠨ ᠢᠷᠡᠳᠡᠭ᠌᠂ ᠭᠡᠷᠡᠯ ᠤᠨ ᠬᠤᠪᠢᠷᠠᠯᠳᠠ ᠨᠢ ᠳᠤᠩ ᠳᠦᠷᠭᠡᠨ ᠮᠥᠷᠳᠡᠭᠡᠨ ᠶᠡᠭᠡ᠂ ᠬᠤᠶᠠᠷ ᠭᠤᠷᠪᠠᠨ ᠡᠳᠦᠷ ᠲᠤ ᠭᠡᠳᠤᠨ ᠲᠦᠮᠡ ᠴᠢᠨᠠᠭᠰᠢᠯᠠᠪᠠᠯ ᠭᠡᠳᠤᠨ ᠠᠷᠪᠠᠨ ᠵᠠᠭᠤᠨ ᠲᠦᠮᠡᠨ ᠳᠠᠭᠢᠨ ᠶᠢᠡᠷ ᠬᠤᠪᠢᠷᠠᠳᠠᠭ᠂ ᠡᠷᠳᠡᠨ ᠡᠴᠡ ᠠᠪᠣᠭᠠᠤᠨ ᠭᠦᠮᠦᠰ ᠳᠡᠭᠦᠨ ᠢ ᠰᠢᠨ᠎ᠠ ᠣᠳᠤ ᠭᠡᠳᠡᠭ᠌ ᠰᠠᠨ᠂ ᠥᠨᠡ᠊ᠨᠳᠡᠭᠡᠨ ᠰᠢᠨ᠎ᠠ ᠣᠳᠤ ᠨᠢ ᠰᠢᠨ᠎ᠠ ᠪᠢᠰᠢ᠂ ᠵᠥᠪᠭᠡᠨ ᠳᠠᠳᠠ ᠭᠡᠷᠡᠯ ᠲᠡᠶ ᠪᠣᠯᠬᠤ ᠡᠴᠡ ᠪᠠᠨ ᠡᠮᠦᠨ᠎ᠡ ᠪᠦᠳᠡᠭᠢ ᠮᠥᠷᠳᠡᠭᠡᠨ ᠡᠩ ᠤᠨ ᠣᠳᠤ ᠪᠠᠢ᠌ᠭᠰᠠᠨ ᠡᠴᠡ ᠭᠦᠮᠦᠰ ᠤᠨ ᠠᠩᠬᠠᠷᠤᠯ ᠢ ᠳᠠᠳᠠᠭᠰᠠᠨ ᠦᠭᠡᠶ ᠪᠠᠢ᠌ᠭᠰᠠᠨ ᠳᠠᠳᠤᠢ ᠶᠤᠮ᠃ ᠪᠠᠰᠠ ᠨᠢᠭᠡ ᠵᠣᠢ᠌ᠯ ᠤᠨ ᠭᠡᠷᠡᠯ ᠨᠢ ᠶᠡᠭᠡ ᠨᠡᠮᠡᠭ᠍ᠳᠡᠵᠤ ᠴᠢᠳᠠᠬᠤ ᠣᠳᠤᠨ ᠪᠣᠢ᠂ ᠭᠡᠨᠡᠳᠲᠡ ᠪᠠᠷ ᠭᠡᠳᠤᠨ ᠮᠢᠩᠭ᠋᠎ᠠ ᠴᠢᠨᠠᠭᠰᠢᠯᠠᠪᠠᠯ ᠭᠡᠳᠤᠨ ᠳ᠋ᠦ᠋ᠩᠰᠢᠭᠤᠷ ᠳᠠᠭᠢᠨ ᠶᠢᠡᠷ ᠨᠡᠮᠡᠭ᠍ᠳᠡᠴᠢᠭᠡᠳᠡᠭ᠌᠂ ᠳᠡᠭᠦᠨ ᠢ ᠭᠡᠳᠤ ᠰᠢᠨ᠎ᠠ ᠣᠳᠤ ᠭᠡᠨ᠎ᠡ᠃ ᠣᠳᠤ ᠪᠣᠯᠳᠠᠯ᠎ᠠ ᠡᠮᠭᠢᠦᠡᠭᠡᠨ ᠳᠡᠮᠳᠡᠭᠯᠡᠭ᠍ᠰᠡᠨ ᠰᠢᠨ᠎ᠠ ᠣᠳᠤ ᠪᠠ ᠭᠡᠳᠤ ᠰᠢᠨ᠎ᠠ ᠣᠳᠤ 90 ᠣᠷᠴᠢᠮ ᠪᠠᠢ᠌ᠨ᠎ᠠ᠃

ᠡᠭᠦᠨ ᠡᠴᠡ ᠭᠠᠳᠠᠨ᠎ᠠ ᠳᠡᠭ᠍ᠷᠢ ᠳᠡᠭᠡᠷ᠎ᠡ ᠪᠠᠰᠠ ᠰᠢᠨ᠎ᠠ ᠮᠠᠠᠳᠤᠵᠤ ᠪᠠᠢ᠌ᠭ᠎ᠠ ᠣᠳᠤ ᠪᠠ ᠳᠤᠭᠳᠠᠪᠣᠷᠢ ᠦᠭᠡᠶ ᠣᠳᠤ ᠴᠥᠭᠡᠨ ᠪᠣᠰᠤ ᠪᠣᠢ᠂ ᠴᠢᠨᠠᠭᠰᠢᠯᠠᠪᠠᠯ ᠣᠳᠤ ᠮᠦᠨ ᠪᠢᠰᠢ ᠶᠢᠨ ᠬᠤᠭᠤᠷᠤᠠᠳᠤ ᠶᠢᠨ ᠳᠡᠭ᠍ᠷᠢ ᠶᠢᠨ ᠴᠤᠭᠴᠠᠰ ᠴᠤ ᠪᠣᠢ᠃

ᠠᠰᠢᠳᠠ ᠶᠢᠨ ᠣᠳᠤᠨ ᠡᠴᠡ ᠭᠠᠳᠠᠨ᠎ᠠ ᠮᠠᠨᠠᠠᠴᠢᠷ ᠭᠡᠮᠡᠨ ᠨᠡᠷᠡᠢ᠌ᠳᠦᠭ᠍ᠳᠡᠭ᠍ᠰᠡᠨ ᠣᠭᠳᠠᠷᠭᠤᠢ ᠳᠤ ᠭᠦᠪᠪᠦᠵᠤ ᠪᠠᠢ᠌ᠭ᠎ᠠ ᠡᠭᠦᠯᠡ ᠮᠠᠨᠠᠨ ᠰᠢᠭ ᠳᠡᠭ᠍ᠷᠢ ᠶᠢᠨ ᠴᠤᠭᠴᠠᠰ ᠪᠣᠢ᠃ ᠭᠡᠪᠠᠴᠤ ᠮᠠᠨ ᠤ ᠳᠡᠭ᠍ᠷᠢ ᠶᠢᠨ ᠣᠶᠤᠳᠠᠯ ᠤᠨ ᠠᠢ᠌ᠮᠠᠭ ᠲᠤ ᠪᠠᠢ᠌ᠭ᠎ᠠ ᠮᠠᠨᠠᠠᠴᠢᠷ ᠨᠢ ᠳᠤᠩ ᠴᠥᠭᠡᠨ ᠶᠤᠮ᠂ ᠡᠳᠡᠭᠡᠷ ᠮᠠᠨᠠᠠᠴᠢᠷ ᠨᠢ ᠳᠤᠩ ᠰᠡᠢ᠌ᠷᠡᠭ᠌ ᠭᠡᠢ ᠪᠠᠶᠠᠳᠤ ᠪᠠ ᠬᠤᠮᠠᠭᠢ ᠳᠤᠭᠤᠰᠤ ᠪᠠᠷ ᠪᠦᠷᠢᠯᠳᠦᠭ᠍ᠰᠡᠨ ᠪᠠᠢ᠌ᠳᠠᠭ᠂ ᠳᠤᠭᠳᠠᠭᠰᠠᠨ ᠶᠠᠩᠵᠤ ᠭᠡᠯᠪᠠᠷᠢ ᠦᠭᠡᠶ᠂ ᠪᠢᠳᠠ ᠳᠡᠭᠦᠨ ᠢ ᠳᠡᠭ᠍ᠷᠢ ᠶᠢᠨ ᠣᠶᠤᠳᠠᠯ ᠤᠨ ᠮᠠᠨᠠᠠᠴᠢᠷ ᠭᠡᠳᠡᠭ᠌᠂ ᠵᠢᠱᠢᠶᠠᠯᠠᠪᠠᠯ ᠮᠠᠷᠠᠯ ᠤᠨ ᠣᠷᠤᠨ ᠤ ᠮᠠᠨᠠᠠᠴᠢᠷ ᠭᠡᠭᠦ ᠮᠠᠳᠤ᠃ ᠡᠳᠡᠭᠡᠷ ᠮᠠᠨᠠᠠᠴᠢᠷ ᠨᠢ ᠪᠦᠮᠪᠤᠷᠬᠡᠨ ᠪᠣᠶᠤ ᠬᠠᠪᠳᠠᠭᠠᠢ ᠭᠡᠷᠡᠯᠳᠤ ᠳᠠᠪᠠᠭ ᠮᠠᠳᠤ᠂ ᠥᠵᠡᠭᠦ ᠳᠤ ᠶᠠᠭ ᠯᠠ ᠠᠯᠤᠰ ᠬᠤᠯᠠ ᠪᠠᠢ᠌ᠭ᠎ᠠ ᠭᠠᠷᠠᠭ ᠣᠳᠤᠨ ᠮᠠᠳᠤ᠃ ᠥᠨᠡ᠊ᠨᠳᠡᠭᠡᠨ ᠳᠠᠷᠠ ᠨᠢ ᠳᠤᠩ ᠰᠡᠢ᠌ᠷᠡᠭ᠌ ᠭᠡᠢ ᠶᠢᠨ ᠴᠠᠷᠴᠠᠳᠠᠰᠤ ᠶᠤᠮ᠂ ᠮᠠᠨᠠᠠᠴᠢᠷ ᠤᠨ ᠲᠦᠪ ᠲᠤ ᠪᠠᠢ᠌ᠭ᠎ᠠ ᠪᠦᠳᠡᠭᠢ ᠭᠡᠷᠡᠯ ᠲᠡᠶ ᠪᠦᠭᠡᠤᠨ ᠳᠤᠩ ᠬᠠᠯᠠᠭᠤᠨ ᠠᠰᠢᠳᠠ ᠶᠢᠨ ᠣᠳᠤᠨ ᠊᠊᠊᠊᠊᠊᠊᠊᠊᠊᠊᠊᠊᠊᠊ ᠮᠠᠨᠠᠠᠴᠢᠷ ᠤᠨ ᠴᠦᠮ᠎ᠡ ᠶᠢᠨ ᠭᠡᠷᠡᠯᠳᠦᠭᠦᠯᠭᠡ ᠡᠴᠡ ᠪᠣᠯᠵᠤ ᠭᠡᠷᠡᠯ ᠭᠠᠷᠴᠤ ᠪᠠᠢ᠌ᠭ᠎ᠠ ᠶᠤᠮ᠃ ᠮᠠᠰᠢ ᠣᠯᠠᠨ ᠳᠤᠭᠠᠨ ᠤ ᠮᠠᠨᠠᠠᠴᠢᠷ ᠨᠢ ᠥᠨᠡ᠊ᠨᠳᠡᠭᠡᠨ 《ᠮᠠᠨᠠᠨ》 ᠪᠢᠰᠢ᠂ ᠳᠡᠳᠡᠭᠡᠷ ᠨᠢ ᠳᠡᠭ᠍ᠷᠢ ᠶᠢᠨ ᠣᠶᠤᠳᠠᠯ ᠤᠨ ᠮᠠᠨᠠᠠᠴᠢᠷ ᠲᠡᠶ ᠥᠮᠨᠦᠭᠡ ᠥᠭᠡᠷ᠎ᠡ ᠪᠠᠢ᠌ᠳᠠᠭ᠂ ᠳᠠᠳᠠᠨ ᠤ ᠵᠠᠷᠢᠮ ᠨᠢ ᠮᠠᠨ ᠤ ᠳᠡᠭ᠍ᠷᠢ ᠶᠢᠨ ᠣᠶᠤᠳᠠᠯ ᠰᠢᠭ ᠣᠳᠤᠨ ᠠᠢ᠌ᠮᠠᠭ ᠶᠤᠮ᠂ ᠮᠠᠨ ᠡᠴᠡ ᠳᠡᠩᠳᠡᠭᠦᠤ ᠬᠤᠯᠠ ᠪᠠᠢ᠌ᠭ᠎ᠠ ᠪᠣᠯᠬᠤᠷ ᠥᠵᠡᠭᠦ ᠳᠤ ᠶᠠᠭ ᠯᠠ ᠮᠠᠨᠠᠨ ᠰᠢᠭ ᠬᠠᠷᠠᠭᠳᠠᠳᠠᠭ᠂ ᠪᠢᠳᠠ ᠳᠡᠳᠡᠭᠡᠷ ᠢ ᠣᠶᠤᠳᠠᠯ ᠤᠨ ᠭᠠᠳᠠᠨᠠᠭᠢ ᠣᠳᠤᠨ ᠠᠢ᠌ᠮᠠᠭ ᠭᠡᠵᠤ ᠨᠡᠷᠡᠯᠡᠳᠡᠭ᠌᠂ ᠣᠳᠤ ᠶᠢᠨ ᠮᠠᠳᠠᠵᠤ ᠪᠠᠢ᠌ᠭ᠎ᠠ ᠪᠠᠷ ᠡᠢ᠌ᠮᠦᠷᠭᠦ ᠣᠶᠤᠳᠠᠯ ᠤᠨ ᠭᠠᠳᠠᠨᠠᠭᠢ ᠣᠳᠤᠨ ᠠᠢ᠌ᠮᠠᠭ 10 ᠳ᠋ᠦ᠋ᠩᠰᠢᠭᠤᠷ ᠡᠴᠡ ᠳᠡᠭᠡᠭ᠍ᠰᠢ ᠪᠣᠢ᠂ ᠨᠠᠷ᠎ᠠ ᠠᠯᠳᠠᠷᠰᠢᠭᠰᠠᠨ ᠳᠠᠭᠢᠨᠢ ᠶᠢᠨ ᠣᠷᠤᠨ ᠤ ᠮᠠᠨᠠᠠᠴᠢᠷ ᠪᠣᠯ ᠳᠠᠷᠤᠢ ᠣᠶᠤᠳᠠᠯ ᠤᠨ ᠭᠠᠳᠠᠨᠠᠭᠢ ᠮᠠᠨᠠᠠᠴᠢᠷ ᠪᠣᠯᠤᠨ᠎ᠠ᠂ ᠳᠡᠭᠦᠨ ᠢ ᠡᠩ ᠤᠨ ᠨᠢᠳᠤ ᠪᠠᠷ ᠣᠯᠵᠤ ᠥᠵᠡᠳᠡᠭ᠌᠃ ᠣᠳᠤᠨ ᠠᠢ᠌ᠮᠠᠭ ᠨᠢ ᠪᠠᠰᠠ ᠰᠥᠷᠦᠭᠯᠡᠨ ᠠᠮᠢᠳᠤᠷᠠᠬᠤ ᠳᠤᠷᠠᠳᠠᠢ ᠶᠤᠮ᠂ ᠥᠷᠭᠦᠯᠵᠢ ᠭᠡᠳᠤ ᠭᠡᠳᠤ ᠪᠠᠷ᠂ ᠠᠷᠪᠠᠨ ᠭᠡᠳᠤ ᠪᠠᠷ ᠪᠦᠭᠡᠮᠨᠡᠷᠡᠵᠤ ᠪᠠᠢ᠌ᠳᠠᠭ᠂ ᠪᠢᠳᠠ ᠳᠡᠭᠦᠨ ᠢ ᠳᠠᠪᠬᠤᠷ ᠣᠳᠤᠨ ᠠᠢ᠌ᠮᠠᠭ ᠭᠡᠭᠦ ᠪᠣᠶᠤ ᠣᠯᠠᠨ ᠳᠠᠪᠬᠤᠴᠠᠯᠳᠤ ᠣᠳᠤᠨ ᠠᠢ᠌ᠮᠠᠭ ᠭᠡᠳᠡᠭ᠌᠂ ᠵᠠᠷᠢᠮ ᠳᠠᠭᠠᠨ ᠭᠡᠳᠤᠨ ᠠᠷᠪᠠᠨ ᠣᠳᠤᠨ ᠠᠢ᠌ᠮᠠᠭ ᠴᠢᠨᠠᠭᠰᠢᠯᠠᠪᠠᠯ ᠭᠡᠳᠤᠨ ᠮᠢᠩᠭ᠋ᠠᠨ ᠣᠳᠤᠨ ᠠᠢ᠌ᠮᠠᠭ ᠨᠢᠭᠡ ᠳᠤᠤᠷ᠎ᠠ ᠪᠦᠭᠡᠮᠨᠡᠷᠡᠵᠤ ᠣᠳᠤᠨ ᠠᠢ᠌ᠮᠠᠭ ᠤᠨ ᠪᠦᠯᠦᠭ᠌ ᠪᠣᠯᠴᠢᠬᠠᠳᠠᠭ᠃ ᠵᠢᠷᠠᠭᠠᠤᠨ ᠣᠨ ᠡᠴᠡ ᠨᠠᠰᠢ ᠪᠠᠰᠠ ᠨᠢᠭᠡ ᠵᠣᠢ᠌ᠯ ᠤᠨ ᠣᠳᠤ ᠲᠡᠶ ᠠᠳᠠᠯᠢᠪᠳᠤᠷ ᠭᠡᠷᠡᠯ ᠤᠨ ᠴᠢᠭ᠌ ᠢ ᠡᠷᠢᠨ ᠣᠯᠵᠠᠢ᠂ ᠳᠡᠭᠦᠨ ᠢ ᠣᠳᠤᠠᠴᠢᠷ ᠴᠤᠭᠴᠠᠰ ᠭᠡᠵᠤ ᠨᠡᠷᠡᠯᠡᠭ᠍ᠰᠡᠨ ᠶᠤᠮ᠂ ᠣᠳᠤ ᠪᠣᠯᠳᠠᠯ᠎ᠠ ᠡᠢ᠌ᠮᠤ ᠳᠡᠭ᠍ᠷᠢ ᠶᠢᠨ ᠴᠤᠭᠴᠠᠰ ᠢ 1500 ᠭᠠᠷᠤᠢ ᠣᠯᠵᠤ ᠮᠠᠳᠠᠯ᠎ᠠ᠃

ᠳᠡᠭᠡᠪᠠᠯ ᠠᠰᠢᠳᠠ ᠶᠢᠨ ᠣᠳᠤᠨ ᠪᠠ ᠮᠠᠨᠠᠠᠴᠢᠷ ᠤᠨ ᠠᠯᠢ ᠨᠢ ᠴᠤ ᠪᠠᠢ᠌ᠬᠤ ᠦᠭᠡᠶ ᠣᠳᠤᠳ ᠤᠨ ᠬᠤᠭᠤᠷᠤᠠᠳᠤᠭᠢ ᠣᠭᠳᠠᠷᠭᠤᠢ ᠳᠤ ᠪᠠᠰᠠ ᠶᠠᠭᠤ ᠪᠠᠢ᠌ᠳᠠᠭ ᠪᠣᠢ ᠴᠠᠪᠠᠷ ᠬᠤᠭᠤᠰᠤᠨ ᠦᠦ ᠭᠡᠪᠠᠯ ᠶᠠᠷᠢᠶᠠᠨ ᠦᠭᠡᠶ ᠳᠠᠢ᠌ᠮᠤ ᠪᠢᠰᠢ᠃ ᠳᠠᠠᠳᠠ ᠣᠳᠤᠳ ᠤᠨ ᠬᠤᠭᠤᠷᠤᠠᠳᠤᠭᠢ ᠪᠣᠳᠠᠰ ᠭᠡᠳᠡᠭ᠌ ᠨᠢᠭᠡ ᠵᠣᠢ᠌ᠯ ᠤᠨ ᠵᠠᠭᠤᠴᠢ ᠪᠠᠷ ᠳᠦᠭᠦᠷᠦᠭ᠍ᠰᠡᠨ ᠪᠠᠢ᠌ᠳᠠᠭ᠂ ᠳᠠᠷᠠ ᠳᠡᠭᠡᠨ ᠣᠳᠤᠳ ᠤᠨ ᠬᠤᠭᠤᠷᠤᠠᠳᠤᠭᠢ ᠭᠡᠢ ᠪᠠᠶᠠᠳᠤ ᠪᠠ ᠣᠳᠤᠳ ᠤᠨ ᠬᠤᠭᠤᠷᠤᠠᠳᠤᠭᠢ ᠬᠤᠮᠠᠭᠢ ᠳᠤᠭᠤᠰᠤ ᠪᠠᠷ ᠪᠦᠳᠦᠭ᠍ᠰᠡᠨ ᠶᠤᠮ᠃ ᠣᠳᠤᠳ ᠤᠨ ᠬᠤᠭᠤᠷᠤᠠᠳᠤᠭᠢ ᠪᠣᠳᠠᠰ ᠤᠨ ᠨᠢᠭᠳᠠᠴᠠ ᠨᠢ ᠳᠤᠩ ᠰᠡᠢ᠌ᠷᠡᠭ᠌ ᠪᠠᠢ᠌ᠳᠠᠭ᠂ ᠡᠳᠡᠭᠡᠷ ᠡᠴᠡ ᠭᠠᠳᠠᠨ᠎ᠠ᠂ ᠣᠳᠤᠳ ᠤᠨ ᠬᠤᠭᠤᠷᠤᠠᠳᠤᠭᠢ ᠥᠷᠭᠡᠨ ᠶᠡᠭᠡ ᠣᠭᠳᠠᠷᠭᠤᠢ ᠳᠤ ᠪᠠᠰᠠ ᠣᠷᠴᠢᠯᠠᠩ ᠤᠨ ᠰᠠᠴᠤᠷᠠᠭ ᠪᠠ ᠳᠣᠢ᠌ᠯ ᠤᠨ ᠪᠠᠭᠤᠷᠠᠢ ᠣᠳᠤᠳ ᠤᠨ ᠬᠤᠭᠤᠷᠤᠠᠳᠤᠭᠢ ᠰᠤᠷᠢᠠᠵᠢᠨ ᠳᠠᠯᠠᠪᠠᠢ ᠣᠷᠤᠰᠢᠵᠤ ᠪᠣᠢ᠃

ᠪᠣᠢ ᠪᠦᠭᠦᠢ ᠡᠳᠡᠭᠡᠷ ᠳᠡᠭ᠍ᠷᠢ ᠶᠢᠨ ᠴᠤᠭᠴᠠᠰ ᠨᠢ ᠳᠤᠰᠠᠭᠠᠷᠯᠠᠨ ᠣᠷᠤᠰᠢᠵᠤ ᠪᠠᠢ᠌ᠭ᠎ᠠ ᠪᠢᠰᠢ᠂ ᠥᠭᠦᠮᠡᠯ ᠳᠤᠭᠳᠠᠮᠠᠯ ᠶᠠᠭᠤᠮ᠎ᠠ ᠴᠤ ᠪᠢᠰᠢ᠂ ᠬᠠᠷᠢᠨ ᠵᠤᠭᠰᠤᠯ ᠦᠭᠡᠶ ᠭᠦᠳᠡᠯᠵᠤ᠂ ᠬᠤᠪᠢᠷᠠᠵᠤ᠂ ᠣᠯᠠᠷᠢᠵᠤ ᠪᠠᠢ᠌ᠭ᠎ᠠ ᠶᠠᠭᠤᠮ᠎ᠠ ᠶᠤᠮ᠃ ᠠᠰᠢᠳᠠ ᠶᠢᠨ ᠣᠳᠤᠳ ᠨᠢ ᠣᠷᠴᠢᠯᠠᠩ ᠤᠨ ᠣᠭᠳᠠᠷᠭᠤᠢ ᠳᠤᠳᠤᠷ᠎ᠠ ᠳᠠᠰᠤᠷᠠᠯᠳᠠ ᠦᠭᠡᠶ ᠪᠣᠳᠠᠰ ᠬᠠᠷᠪᠣᠵᠤ᠂ ᠳᠡᠳᠡᠭᠡᠷ ᠨᠢ ᠣᠳᠤᠳ ᠤᠨ ᠬᠤᠭᠤᠷᠤᠠᠳᠤᠭᠢ ᠵᠠᠭᠤᠴᠢ ᠣᠷᠴᠢᠨ ᠪᠣᠯᠵᠤ᠂ ᠮᠠᠨᠠᠠᠴᠢᠷ ᠪᠠ ᠣᠳᠤᠳ ᠤᠨ ᠬᠤᠭᠤᠷᠤᠠᠳᠤᠭᠢ ᠵᠠᠭᠤᠴᠢ ᠣᠷᠴᠢᠨ ᠨᠢ ᠣᠨ ᠵᠢᠯ ᠢ ᠡᠯᠡᠭᠡᠭ᠍ᠰᠡᠭᠡᠷ ᠪᠠᠢ᠌ᠵᠤ ᠠᠰᠢᠳᠠ ᠶᠢᠨ ᠣᠳᠤᠨ ᠪᠣᠯᠵᠤ ᠪᠦᠭᠡᠮᠨᠡᠷᠡᠳᠡᠭ᠌᠁

ᠣᠷᠴᠢᠯᠠᠩ ᠪᠣᠯ ᠥᠵᠦᠭᠦᠷ ᠭᠢᠵᠠᠭᠠᠷ ᠦᠭᠡᠶ ᠶᠤᠮ᠂ ᠣᠷᠴᠢᠯᠠᠩ ᠤᠨ ᠳᠤᠬᠠᠢ ᠭᠦᠮᠦᠰ ᠤᠨ ᠳᠠᠨᠢᠯᠳᠠ ᠴᠤ ᠥᠵᠦᠭᠦᠷ ᠭᠢᠵᠠᠭᠠᠷ ᠦᠭᠡᠶ ᠪᠠᠢ᠌ᠳᠠᠭ᠃ ᠢᠷᠡᠭᠡᠳᠦᠢ ᠳᠤ ᠪᠢᠳᠠ ᠨᠠᠩ ᠣᠯᠠᠨ ᠳᠤᠭᠠᠨ ᠤ᠂ ᠨᠠᠩ ᠣᠯᠠᠨ ᠶᠠᠩᠵᠤ ᠶᠢᠨ ᠳᠡᠭ᠍ᠷᠢ ᠶᠢᠨ ᠴᠤᠭᠴᠠᠰ ᠢ ᠢᠯᠡᠷᠡᠭᠦᠯᠵᠤ᠂ ᠳᠠᠳᠠᠨ ᠤ ᠢᠷᠠᠯ ᠭᠠᠷᠤᠯ ᠪᠠ ᠣᠯᠠᠷᠢᠯ ᠬᠤᠪᠢᠰᠤᠯ ᠤᠨ ᠶᠠᠪᠣᠴᠠ ᠶᠢ ᠣᠢ᠌ᠯᠠᠭᠠᠨ ᠮᠠᠳᠠᠵᠤ ᠴᠢᠳᠠᠬᠤ ᠨᠢ ᠯᠠᠪᠳᠠᠢ᠃


ᠵᠤᠬᠢᠶᠠᠭᠴᠢ᠄ ᠰᠡᠴᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 6007
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ