☆ ᠸ·ᠠᠭᠤᠯᠠ
ᠠᠩᠭᠢ ᠶᠢᠨ ᠬᠠᠷᠢᠯᠴᠠᠭ᠎ᠠ
ᠠᠩᠭᠢ ᠶᠢᠨ ᠬᠠᠷᠢ᠍ᠯᠴᠠᠭ᠎ᠠ ᠭᠡᠳ᠋ᠡᠭ᠌ ᠨᠢ ᠶᠡᠷᠦ ᠳᠡᠭᠡᠨ ᠨᠢ᠍ᠭᠡ ᠰᠤᠷᠭᠠᠭᠤᠯᠢ ᠶᠢᠨ ᠢᠵᠢ᠍ᠯ ᠤᠨ ᠤ ᠡᠯ᠎ᠠ ᠠᠩᠭᠢ ᠶᠢᠨ ᠬᠤᠭᠤᠷᠤᠨᠳ᠋ᠤᠬᠢ ᠬᠠᠷᠢ᠍ᠯᠴᠠᠭ᠎ᠠ ᠪᠤᠶᠤ ᠢᠵᠢ᠍ᠯ ᠪᠤᠰᠤ ᠡᠯ᠎ᠠ ᠤᠨ ᠤ ᠬᠤᠭᠤᠷᠤᠨᠳ᠋ᠤᠬᠢ ᠬᠠᠷᠢ᠍ᠯᠴᠠᠭ᠎ᠠ ᠶᠢ ᠬᠡᠯᠡᠵᠤ ᠪᠤᠢ᠃ ᠡᠨᠡᠬᠦ ᠬᠠᠷᠢ᠍ᠯᠴᠠᠭ᠎ᠠ ᠨᠢ ᠰᠤᠷᠤᠭᠴᠢ᠍ᠳ ᠤᠨ ᠬᠤᠢ᠌ᠰᠢ᠍ᠳ᠋ᠠ ᠶᠢᠨ ᠨᠡᠢ᠌ᠭᠡᠮ ᠤᠨ ᠬᠠᠷᠢ᠍ᠯᠴᠠᠭ᠎ᠠ ᠶᠢᠨ ᠴᠢ᠍ᠳ᠋ᠠᠪᠤᠷᠢ ᠭᠢᠭᠡᠳ ᠤᠷᠤᠭᠰᠢ ᠲᠠᠪᠰᠢ᠍ᠬᠤ ᠤᠬᠠᠮᠰᠠᠷ᠂ ᠬᠠᠮᠳ᠋ᠤᠷᠠᠨ ᠠᠵᠢ᠍ᠯᠯᠠᠬᠤ ᠵᠤᠷᠢ᠍ᠭ ᠰᠠᠨᠠᠭ᠎ᠠ ᠵᠡᠷᠭᠡ ᠶᠢ ᠬᠦᠮᠦᠵᠢ᠍ᠭᠦᠯᠭᠦ ᠳ᠋ᠥ ᠲᠦ᠋ᠢ᠍ᠯ ᠤᠨ ᠠᠰᠢ᠍ᠭᠳ᠋ᠠᠢ ᠪᠢᠯᠡ᠃
ᠠᠩᠭᠢ ᠶᠢᠨ ᠬᠠᠷᠢ᠍ᠯᠴᠠᠭ᠎ᠠ ᠳ᠋ᠥ ᠭᠤᠥᠯᠳ᠋ᠠᠭᠤ᠄ (1) ᠰᠤᠷᠤᠯᠴᠠᠯᠭ᠎ᠠ ᠶᠢᠨ ᠲᠠᠯ᠎ᠠ ᠶᠢᠨ ᠬᠠᠷᠢ᠍ᠯᠴᠠᠭ᠎ᠠ᠃ ᠡᠭᠦᠨ ᠳ᠋ᠥ ᠠᠩᠭᠢ ᠨᠢ᠍ᠭᠡᠴᠡ ᠡᠴᠡ ᠪᠠᠨ ᠭᠡᠳ᠋ᠦᠨ ᠲᠦ᠋ᠯᠦᠭᠡᠯᠡᠭ᠍ᠴᠢ ᠰᠤᠩᠭ᠋ᠤᠵᠤ᠂ ᠵᠡᠷᠭᠡᠯᠡᠳ᠋ᠡᠭᠡ ᠠᠩᠭᠢ ᠳᠠᠭᠠᠨ ᠲᠤᠮᠢ᠍ᠯᠠᠵᠤ᠂ ᠲᠤᠰ ᠠᠩᠭᠢ ᠳ᠋ᠥ ᠦᠪᠡᠷ ᠤᠨ ᠠᠩᠭᠢ ᠳᠠᠭᠠᠨ ᠪᠠᠢ᠌ᠬᠤ ᠦᠭᠡᠶ ᠰᠠᠢ᠌ᠨ ᠰᠠᠢ᠌ᠬᠠᠨ ᠲᠤᠷᠰᠢ᠍ᠯᠭ᠎ᠠ ᠶᠢ ᠨᠢ ᠨᠠᠷᠢ᠍ᠨ ᠨᠢ᠍ᠭᠳ᠋ᠠ ᠪᠠᠢ᠌ᠴᠠᠭᠠᠯᠳ᠋ᠠ ᠬᠢᠵᠤ᠂ ᠪᠠᠰᠠ ᠰᠠᠭᠤᠳ᠋ᠠᠯ ᠤᠨ ᠬᠤᠷᠠᠯ ᠤᠨ ᠭᠡᠯᠪᠡᠷᠢ ᠪᠡᠷ ᠲᠡᠳ᠋ᠡᠨ ᠤ ᠤᠷᠤᠭᠰᠢ᠍ᠯᠠᠭᠰᠠ ᠰᠠᠢ᠌ᠨ ᠲᠤᠷᠰᠢ᠍ᠯᠭ᠎ᠠ ᠰᠤᠷᠭᠠᠮᠵᠢ ᠶᠢ ᠨᠢ ᠲᠡᠮᠳ᠋ᠡᠭᠯᠡᠨ ᠠᠪᠴᠤ᠂ ᠲᠠᠪᠰᠢ᠍ᠭᠰᠠᠨ ᠰᠤᠷᠤᠯᠴᠠᠯᠭ᠎ᠠ ᠳ᠋ᠥ ᠠᠰᠢ᠍ᠭᠳ᠋ᠠᠢ ᠠᠷᠭ᠎ᠠ ᠭᠡᠯᠪᠡᠷᠢ ᠶᠢ ᠨᠢ ᠠᠩᠭᠢ ᠳᠠᠭᠠᠨ ᠠᠪᠠᠴᠢ᠍ᠵᠤ ᠤᠯᠠᠮᠵᠢ᠍ᠯᠠᠨᠠ᠃ (2) ᠲᠠᠮᠢ᠍ᠷ ᠤᠷᠯᠢ᠍ᠭ ᠤᠨ ᠬᠠᠷᠢ᠍ᠯᠴᠠᠭ᠎ᠠ᠃ ᠡᠭᠦᠨ ᠳ᠋ᠥ ᠰᠢ᠍ᠨ᠎ᠠ ᠵᠢᠯ ᠢ ᠤᠭᠳ᠋ᠤᠬᠤ ᠦᠳ᠋ᠡᠰᠢ᠍ᠯᠡᠭᠡ᠂ ᠰᠤᠷᠭᠠᠭᠤᠯᠢ ᠶᠢᠨ ᠴᠢ᠍ᠨᠠᠷᠳ᠋ᠠᠢ ᠲᠠᠮᠢ᠍ᠷ ᠤᠨ ᠮᠦ᠋ᠷᠦᠢ᠌ᠴᠡᠭᠡᠨ᠂ ᠲᠠᠭᠤᠥ ᠤᠷᠯᠢ᠍ᠭ ᠤᠨ ᠤᠷᠤᠯᠳ᠋ᠤᠭᠠᠨ ᠵᠡᠷᠭᠡ ᠵᠡᠷᠭᠡᠯᠡᠳ᠋ᠡᠭᠡ ᠠᠩᠭᠢ ᠶᠢᠨ ᠰᠠᠢ᠌ᠨ ᠰᠠᠢ᠌ᠬᠠᠨ ᠲᠠᠪᠰᠢ᠍ᠭᠰᠠᠨ ᠬᠦᠳ᠋ᠡᠯᠭᠡᠭᠡᠨ ᠤ ᠦᠵᠡᠭᠦᠯᠦᠯᠭᠡ ᠶᠢ ᠦᠪᠡᠷ ᠤᠨ ᠠᠩᠭᠢ ᠳᠠᠭᠠᠨ ᠤᠷᠢ᠍ᠨ ᠠᠪᠠᠴᠢ᠍ᠵᠤ᠂ ᠪᠦᠬᠦ ᠠᠩᠭᠢ ᠶᠢᠨ ᠨᠦ᠋ᠭᠦᠳ ᠬᠠᠮᠳ᠋ᠤ ᠪᠡᠷ ᠰᠤᠨᠢᠷᠬᠠᠵᠤ ᠪᠤᠯᠤᠨ᠎ᠠ᠃ ᠡᠰᠡᠭᠦᠯ᠎ᠠ ᠬᠤᠶᠠᠷ ᠠᠩᠭᠢ ᠪᠡᠷ ᠶᠢᠠᠨ ᠬᠠᠮᠳ᠋ᠤᠷᠠᠵᠤ ᠪᠠᠢ᠌ᠭᠠᠳ ᠲᠤᠭᠯᠠᠯᠳ᠋ᠠ ᠭᠠᠷᠭᠠᠬᠤ᠂ ᠤᠶᠤᠨ ᠤ ᠮᠡᠳ᠋ᠡᠯᠭᠡ ᠶᠢᠨ ᠤᠷᠤᠯᠳ᠋ᠤᠭᠠᠨ ᠶᠠᠪᠤᠭᠳ᠋ᠠᠭᠤᠯᠬᠤ᠂ ᠬᠠᠮᠳ᠋ᠤ ᠪᠡᠷ ᠲᠠᠮᠢ᠍ᠷ ᠤᠨ ᠡᠯ᠎ᠠ ᠵᠦ᠋ᠢ᠍ᠯ ᠤᠨ ᠤᠷᠤᠯᠳ᠋ᠤᠭᠠᠨ ᠢ ᠶᠠᠪᠤᠭᠳ᠋ᠠᠭᠤᠯᠵᠤ ᠪᠤᠯᠤᠨ᠎ᠠ᠃ ᠲᠤᠬᠠᠢ᠌ᠯᠠᠪᠠᠯ ᠰᠠᠭᠰᠤᠨ ᠪᠦᠮᠪᠦᠭᠡ ᠶᠢᠨ ᠨᠦ᠋ᠭᠦᠷᠰᠡᠭ᠌ ᠤᠷᠤᠯᠳ᠋ᠤᠭᠠᠨ ᠵᠡᠷᠭᠡ ᠶᠢ ᠶᠠᠪᠤᠭᠳ᠋ᠠᠭᠤᠯᠬᠤ ᠪᠡᠷ ᠲᠠᠮᠵᠢ᠍ᠨ ᠬᠤᠶᠠᠷ ᠠᠩᠭᠢ ᠬᠠᠮᠳ᠋ᠤ ᠪᠡᠷ ᠲᠠᠪᠰᠢ᠍ᠬᠤ ᠵᠤᠷᠢ᠍ᠯᠭ᠎ᠠ ᠳᠠᠭᠠᠨ ᠬᠦᠷᠦᠨ᠎ᠠ᠃ ᠡᠭᠦᠨ ᠳ᠋ᠥ ᠨᠡᠩ ᠤᠯᠠᠨ ᠡᠯᠪᠡᠭ᠌ ᠪᠠᠶᠠᠯᠢ᠍ᠭ ᠡᠷᠡᠭᠦᠯ ᠴᠠᠬᠢᠷᠠᠭ ᠠᠭᠤᠯᠭ᠎ᠠ ᠲᠡᠶ ᠤᠯᠠᠨ ᠵᠦ᠋ᠢ᠍ᠯ ᠤᠨ ᠬᠦᠳ᠋ᠡᠯᠭᠡᠭᠡᠨ ᠢ ᠦᠷᠨᠢᠭᠦᠯᠵᠤ ᠪᠤᠯᠤᠨ᠎ᠠ᠃ (3) ᠠᠩᠭᠢ ᠶᠢᠨ ᠬᠦᠳ᠋ᠡᠯᠭᠡᠭᠡᠨ ᠤ ᠬᠠᠷᠢ᠍ᠯᠴᠠᠭ᠎ᠠ᠃ ᠡᠭᠦᠨ ᠳ᠋ᠥ ᠠᠩᠭᠢ ᠶᠢᠨ ᠲᠤᠰᠬᠠᠢ ᠰᠡᠳ᠋ᠦᠪᠳ᠋ᠤ ᠬᠤᠷᠠᠯ᠂ ᠮᠠᠷᠭᠤᠯᠳ᠋ᠤᠭᠠᠨ ᠤ ᠤᠷᠤᠯᠳ᠋ᠤᠭᠠᠨ᠂ ᠦᠯᠢ᠍ᠭᠡᠷ ᠬᠡᠯᠡᠭᠦ ᠪᠤᠶᠤ ᠡᠯ᠎ᠠ ᠵᠦ᠋ᠢ᠍ᠯ ᠤᠨ ᠮᠡᠳ᠋ᠡᠯᠭᠡ ᠶᠢᠨ ᠴᠢ᠍ᠨᠠᠷᠲᠠᠢ ᠤᠷᠤᠯᠳ᠋ᠤᠭᠠᠨ ᠬᠢᠬᠦ ᠳᠡᠭᠡᠨ ᠵᠡᠷᠭᠡᠯᠡᠳ᠋ᠡᠭᠡ ᠠᠩᠭᠢ ᠳᠠᠭᠠᠨ ᠤᠯᠠᠭᠠᠨ ᠴᠠᠭᠠᠰᠤᠨ ᠲᠡᠭᠡᠷ᠎ᠠ ᠤᠷᠢ᠍ᠯᠭᠠ ᠶᠢᠨ ᠪᠢᠴᠢ᠍ᠭ᠌ ᠲᠠᠷᠬᠠᠭᠠᠵᠤ᠂ ᠬᠠᠷᠢ᠍ᠯᠴᠠᠨ ᠲᠤᠷᠰᠢ᠍ᠯᠭ᠎ᠠ ᠪᠠᠨ ᠰᠤᠯᠢ᠍ᠯᠴᠠᠵᠤ ᠬᠠᠮᠳ᠋ᠤ ᠪᠡᠷ ᠲᠠᠪᠰᠢ᠍ᠨᠠ᠃ (4) ᠵᠡᠷᠭᠡ ᠪᠡᠷ ᠲᠡᠭᠡᠭ᠍ᠰᠢ᠍ᠯᠡᠭᠦ ᠬᠠᠷᠢ᠍ᠯᠴᠠᠭ᠎ᠠ᠃ ᠲᠡᠭᠡᠳ᠋ᠦ ᠤᠨ ᠪᠠ ᠲᠤᠥᠷᠠᠳ᠋ᠤ ᠤᠨ ᠤ ᠬᠤᠭᠤᠷᠤᠨᠳ᠋ᠤ ᠪᠠᠨ ᠬᠠᠷᠢ᠍ᠯᠴᠠᠨ ᠬᠠᠪᠰᠤᠷᠠᠯᠴᠠᠵᠤ᠂ ᠲᠤᠷᠰᠢ᠍ᠯᠭ᠎ᠠ ᠪᠠᠨ ᠰᠤᠯᠢ᠍ᠯᠴᠠᠨᠠ᠃ ᠲᠤᠬᠠᠢ᠌ᠯᠠᠪᠠᠯ ᠠᠩᠭᠢ ᠶᠢᠨ ᠺᠠᠲᠷ ᠤᠨ ᠬᠤᠭᠤᠷᠤᠨᠳ᠋ᠤ᠂ ᠬᠠᠮᠳ᠋ᠤ ᠰᠤᠷᠤᠭᠴᠢ ᠶᠢᠨ ᠬᠤᠭᠤᠷᠤᠨᠳ᠋ᠤ᠂ ᠺᠠᠲᠷ ᠪᠤᠯᠤᠨ ᠬᠠᠮᠳ᠋ᠤ ᠰᠤᠷᠤᠭᠴᠢ ᠶᠢᠨ ᠬᠤᠭᠤᠷᠤᠨᠳ᠋ᠤ ᠪᠠᠨ ᠬᠠᠷᠢ᠍ᠯᠴᠠᠨ ᠰᠤᠷᠤᠯᠴᠠᠵᠤ᠂ ᠬᠠᠷᠢ᠍ᠯᠴᠠᠨ ᠲᠤᠷᠰᠢ᠍ᠯᠭ᠎ᠠ ᠪᠠᠨ ᠰᠤᠯᠢ᠍ᠯᠴᠠᠬᠤ ᠭᠡᠯᠪᠡᠷᠢ ᠪᠡᠷ ᠬᠠᠷᠢ᠍ᠯᠴᠠᠬᠤ ᠨᠢ ᠦᠷ᠎ᠠ ᠠᠰᠢ᠍ᠭ ᠨᠢ ᠨᠡᠩ ᠦᠨᠳ᠋ᠦᠷ ᠪᠠᠢ᠌ᠵᠤ᠂ ᠰᠤᠷᠤᠭᠴᠢ᠍ᠳ ᠤᠨ ᠦᠪᠡᠷ ᠶᠢᠠᠨ ᠤᠬᠠᠮᠰᠠᠷᠠᠬᠤ ᠨᠢ ᠨᠡᠩ ᠲᠦ᠋ᠷᠭᠡᠨ ᠪᠤᠯᠬᠤ ᠶᠤᠮ᠃
ᠲᠡᠭᠡᠷᠡᠭᠢ ᠡᠴᠡ ᠪᠤᠰᠤᠳ ᠭᠡᠯᠪᠡᠷᠢ ᠪᠡᠷ ᠪᠠᠰᠠ ᠨᠠᠩ ᠢᠯᠡᠭᠦᠥ ᠡᠯᠪᠡᠭ᠌ ᠪᠠᠶᠠᠯᠢ᠍ᠭ ᠠᠭᠤᠯᠭ᠎ᠠ ᠲᠡᠶ ᠬᠠᠷᠢ᠍ᠯᠴᠠᠬᠤ ᠭᠡᠯᠪᠡᠷᠢ ᠶᠢ ᠦᠷᠨᠢᠭᠦᠯᠵᠤ ᠪᠤᠯᠤᠨ᠎ᠠ᠃ ᠠᠩᠭᠢ ᠶᠢᠨ ᠬᠤᠭᠤᠷᠤᠨᠳ᠋ᠤ ᠪᠠᠨ ᠬᠠᠷᠢ᠍ᠯᠴᠠᠬᠤ ᠳ᠋ᠥ ᠨᠢ᠍ᠭᠡ ᠰᠤᠷᠤᠯᠭ᠎ᠠ ᠶᠢᠨ ᠬᠤᠭᠤᠴᠠᠭᠠᠨ ᠳ᠋ᠥ ᠶᠡᠷᠦ ᠳᠡᠭᠡᠨ ᠨᠢ᠍ᠭᠡ ᠡᠴᠡ ᠬᠤᠶᠠᠷ ᠤᠳ᠋ᠠᠭ᠎ᠠ ᠪᠦᠬᠦ ᠠᠩᠭᠢ ᠶᠢᠨ ᠴᠢ᠍ᠨᠠᠷᠲᠠᠢ ᠬᠢᠪᠡᠯ ᠰᠠᠢ᠌ᠨ ᠰᠢ᠍ᠭ᠌ ᠪᠠᠢ᠌ᠳ᠋ᠠᠭ᠂ ᠭᠡᠳ᠋ᠦᠷᠭᠡᠢ ᠠᠷᠪᠢᠨ ᠬᠢᠪᠡᠯ ᠦᠷ᠎ᠠ ᠠᠰᠢ᠍ᠭ ᠨᠢ ᠲᠡᠢ᠌ᠮᠦ ᠰᠠᠢ᠌ᠨ ᠪᠢᠰᠢ ᠪᠠᠢ᠌ᠳ᠋ᠠᠭ᠃ ᠡᠭᠦᠨ ᠳ᠋ᠥ ᠰᠤᠷᠭᠠᠭᠤᠯᠢ ᠶᠢᠨ ᠲᠠᠯ᠎ᠠ ᠡᠴᠡ ᠡᠯ᠎ᠠ ᠠᠩᠭᠢ ᠶᠢᠨ ᠬᠠᠷᠢ᠍ᠯᠴᠠᠬᠤ ᠭᠦᠳ᠋ᠡᠯᠭᠡᠭᠡᠨ ᠢ ᠲᠡᠩᠳ᠋ᠡᠭᠦᠥ ᠬᠠᠷᠰᠢ᠍ᠯᠠᠭᠰᠠᠨ ᠤ ᠴᠢ᠍ᠬᠤᠯᠠ ᠦᠭᠡᠶ᠂ ᠵᠠᠪᠠᠯ ᠰᠠᠢ᠌ᠨ ᠲᠤᠷ᠎ᠠ ᠡᠴᠡ ᠪᠠᠨ ᠠᠮᠢ᠍ᠳ᠋ᠤ ᠴᠤᠪᠤᠭᠤᠯᠢ᠍ᠭ᠂ ᠶᠡᠷᠦ ᠶᠢᠨ ᠬᠠᠷᠢ᠍ᠯᠴᠠᠭ᠎ᠠ ᠶᠢᠨ ᠭᠡᠯᠪᠡᠷᠢ ᠪᠡᠷ ᠡᠷᠬᠢᠯᠡᠪᠡᠯ ᠵᠤᠬᠢᠨ᠎ᠠ᠃ ᠭᠡᠪᠡᠴᠦ ᠵᠠᠪᠠᠯ ᠨᠦ᠋ᠬᠦᠴᠡᠯ ᠪᠦᠷᠢ᠍ᠯᠳ᠋ᠦᠭᠦᠯᠦᠨ᠂ ᠵᠦ᠋ᠢ ᠵᠤᠭᠢᠰᠳ᠋ᠠᠢ ᠬᠠᠮᠤᠭ ᠰᠠᠢ᠌ᠨ ᠴᠠᠭ ᠢ ᠠᠰᠢ᠍ᠭᠯᠠᠨ᠂ ᠡᠨᠡᠬᠦ ᠬᠠᠷᠢ᠍ᠯᠴᠠᠬᠤ ᠬᠦᠳ᠋ᠡᠯᠭᠡᠭᠡᠨ ᠶᠢᠠᠷ ᠲᠠᠮᠵᠢ᠍ᠵᠤ᠂ ᠬᠤᠢ᠌ᠰᠢ᠍ᠳ᠋ᠠ ᠶᠢᠨ ᠬᠦᠮᠦᠨ ᠪᠤᠯᠵᠤ ᠬᠦᠯᠦᠭ᠌ ᠤᠨ ᠲᠦ᠋ᠷᠦᠭᠡᠨ ᠳ᠋ᠥ ᠭᠠᠷᠬᠤ ᠳ᠋ᠥ ᠵᠠᠪᠠᠯ᠂ ᠰᠤᠷᠭᠠᠭᠤᠯᠢ ᠶᠢᠨ ᠶᠢᠠᠨ ᠪᠤᠳ᠋ᠠᠳ᠋ᠤ ᠪᠠᠢ᠌ᠳ᠋ᠠᠯ ᠳ᠋ᠥ ᠵᠤᠬᠢᠴᠠᠭᠰᠠᠨ ᠨᠡᠩ ᠰᠠᠢ᠌ᠨ ᠰᠠᠢ᠌ᠬᠠᠨ ᠢᠷᠠᠭᠤ ᠠᠯᠳ᠋ᠠᠷᠳ᠋ᠤ ᠤᠯᠠᠮᠵᠢ᠍ᠯᠠᠯᠳ᠋ᠤ ᠮᠤᠷᠠᠯ ᠰᠤᠷᠳ᠋ᠠᠬᠤᠨ ᠶᠢᠠᠨ ᠤᠯᠠᠮ ᠢᠯᠡᠭᠦᠥ ᠲᠡᠭᠡᠳ᠋ᠦᠯᠡᠵᠤ ᠶᠠᠪᠤᠬᠤ ᠪᠠᠷ ᠭᠤᠥᠯ ᠵᠤᠷᠢ᠍ᠯᠭ᠎ᠠ ᠪᠠᠨ ᠪᠤᠯᠭᠠᠪᠠᠯ ᠵᠤᠬᠢᠨ᠎ᠠ᠃
2016 ᠤᠨ ᠤ 2 ᠳ᠋ᠤᠭᠠᠷ ᠬᠤᠭᠤᠴᠠᠭ᠎ᠠ ᠶᠢᠨ 《 ᠦᠪᠦᠷ ᠮᠤᠩᠭ᠋ᠤᠯ ᠤᠨ ᠰᠤᠷᠭᠠᠨ ᠬᠦᠮᠦᠵᠢ᠍ᠯ》 ᠰᠡᠳᠭᠦᠯ ᠳ᠋ᠥ ᠨᠡᠢ᠌ᠳ᠋ᠡᠯᠡᠭ᠍ᠳ᠋ᠡᠪᠡ
ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 13426
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ