ᠨᠡᠪᠲᠡᠷᠡᠨ ᠤᠷᠤᠬᠤ
ᠪᠣᠳᠤᠯ ᠤᠨ ᠠᠯᠠᠭ᠎ᠠ

ᠨᠠᠷᠠᠨ ᠤ ᠬᠠᠯᠠᠭᠤᠨ ᠣᠷᠤᠭᠤᠯ ᠵᠢᠠᠷ

ᠵᠤᠯᠠᠢ ᠪᠠᠨ ᠭᠤᠷᠪᠠ ᠥᠨᠦᠰᠦᠭᠦᠯᠵᠤ

ᠪᠣᠴᠠᠬᠤ ᠰᠢᠪᠠᠭᠤᠳ ᠤᠨ ᠨᠤᠷᠭᠢᠶ᠎ᠠ ᠴᠢᠩᠨᠠᠨ

ᠰᠠᠯᠬᠤ ᠶᠢᠨ ᠳᠠᠷᠠ ᠥᠷᠳᠡᠭᠡᠨ ᠳ᠋ᠤ

ᠰᠠᠷ᠎ᠠ ᠭᠤᠠᠳᠠᠳᠠᠯ᠎ᠠ ᠣᠢ᠌ᠮᠠᠵᠤ ᠪᠢᠯᠠ ᠪᠢᠳᠠ᠃

ᠭᠤᠯᠳᠤᠷᠢᠯ ᠡᠴᠡ ᠪᠠᠨ ᠬᠠᠯᠢᠭ᠎ᠠ ᠥᠭᠡᠢ

ᠭᠤᠤᠯ ᠤᠨ ᠣᠯᠠᠨ ᠳᠤᠮᠤᠭ

ᠭᠤᠮᠤᠳᠠᠯ ᠬᠠᠢ᠌ᠯᠭᠠᠨ

ᠴᠤᠭ‍ᠭᠢᠬᠤ ᠨᠠᠷᠠ

ᠴᠤᠬᠣᠢ᠌ᠵᠤ ᠳᠡᠢ᠌ᠯᠦᠭᠡ ᠦᠭᠡᠶ

ᠣᠢ᠌ᠤᠠᠬᠠᠷ ᠲᠠᠭᠠᠨ ᠬᠠᠬᠠᠵᠤ

ᠴᠤᠪᠣᠵᠤ ᠢᠷᠡᠭ᠍ᠰᠡᠨ ᠳᠠᠷᠠ ᠥᠷᠳᠡᠭᠡᠨ ᠡᠴᠡ ᠪᠠᠨ

ᠴᠤᠪᠣᠭ᠎ᠠ ᠴᠡᠭ᠌ ᠰᠢᠭ᠌ ᠣᠷᠤᠰᠴᠤ ᠪᠢᠯᠠ ᠡ᠃

ᠠᠮᠢᠳᠤᠷᠠᠯ ᠤᠨ ᠳᠠᠢ᠌ᠯᠤᠮᠵᠢ

ᠠᠢ ᠳ᠋ᠠ᠂   ᠮᠢᠨᠤ ᠭᠤᠷᠪᠠᠨ ᠵᠢᠯ

ᠳᠠᠭᠠᠭᠠᠵᠤ ᠶᠠᠳᠠᠭᠰᠠᠨ ᠭᠤᠨᠢᠭ ᠳᠠᠷᠠᠯᠠᠨ

ᠳᠠᠯᠤ ᠪᠠᠨ ᠴᠠᠴᠠᠷᠠᠳᠠᠯ᠎ᠠ ᠮᠡᠭ᠍ᠰᠢᠭᠦᠯᠭᠦ ᠳᠤ

ᠥᠷᠦᠪᠴᠢᠭᠡᠨ ᠰᠠᠤᠠᠭᠢᠯ ᠊ᠤᠨ

ᠦᠨ᠎ᠡ ᠰᠠᠨᠠᠵᠤ

ᠭᠡᠨ ᠨᠢᠭᠡᠨ ᠳᠡᠭᠡᠨ ᠭᠡᠯᠡᠮᠡᠷ ᠥᠭᠡ ᠪᠠᠨ

ᠰᠤᠷᠮᠤᠤᠰᠤ ᠪᠠᠷ ᠵᠢᠠᠨ

ᠵᠥᠳᠡᠭᠦᠭᠡᠨ ᠬᠠᠰᠢᠯ᠎ᠠ ᠪᠢ᠃

ᠪᠣᠷᠤᠭᠠᠨ ᠳᠤ ᠨᠤᠷᠤᠭᠰᠠᠨ ᠳᠡᠭ᠍ᠳᠡᠭᠡᠭᠡᠢ

ᠪᠣᠳᠤᠯ ᠳᠠᠭᠠᠨ ᠱᠠᠯᠠᠪ ᠵᠤᠳᠤᠭᠤᠯᠵᠤ

ᠣᠰᠤᠯᠳᠠᠵᠤ ᠶᠠᠪᠣᠭ᠎ᠠ ᠥᠭᠡᠢ

ᠣᠯᠠᠨ ᠰᠢᠷ᠎ᠠ ᠪᠦᠷᠦᠢ

ᠭᠤᠨᠢᠭ ᠪᠠᠶᠠᠷ ᠲᠡᠶ ᠪᠠᠨ ᠭᠦᠶ‍ᠦᠯᠳᠤᠨ

ᠳᠠᠨᠢᠯ ᠨᠠᠰᠤᠨ ᠤ ᠰᠤᠷ ᠳᠤ

ᠢᠠᠵᠠᠭᠠᠨ ᠵᠦᠰᠠ

ᠥᠤᠷᠰᠠᠯ᠎ᠠ ᠁

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3013
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ