☆ ᠴᠥ᠊·ᠪᠣᠯᠤᠤᠠᠪᠠᠳᠤ
ᠨᠠᠪᠴᠢᠨ ᠳᠤᠰᠤᠯ
ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠳᠤᠰᠤᠯᠠᠨ᠎ᠠ
ᠨᠠᠳᠠᠳᠤ ᠴᠢᠮ᠎ᠠ ᠳᠡᠭᠡᠷ᠎ᠡ ᠳᠤᠰᠤ ᠪᠠᠷ ᠪᠣᠴᠠᠯᠠᠨᠠ
ᠨᠠᠷᠠᠨ ᠤ ᠰᠠᠴᠤᠷᠠᠭ ᠰᠢᠵᠢᠷ ᠶᠢᠡᠷ ᠭᠡᠷᠡᠯᠳᠤᠨᠡ
ᠨᠠᠷᠮᠠᠢ ᠣᠷᠴᠢᠯᠠᠩ ᠨᠠᠢ᠌ᠷ ᠶᠢᠡᠷ ᠪᠢᠯᠬᠠᠨ᠎ᠠ᠃
ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠢᠨᠢᠶᠠᠨ᠎ᠠ
ᠨᠠᠷᠠᠳᠤ ᠶᠢᠨ ᠵᠠᠢ ᠶᠢ ᠬᠤᠷᠢᠶᠠᠯᠳᠠ ᠪᠠᠷ ᠳᠦᠭᠦᠷᠡᠭᠡᠨᠡ
ᠨᠠᠠᠳᠢᠨ ᠴᠠᠭ ᠢ ᠬᠤᠷᠢᠮ ᠶᠢᠡᠷ ᠬᠤᠳᠤᠷᠠᠭᠤᠯᠤᠨᠠ
ᠨᠠᠢ᠌ᠷᠰᠠᠭ ᠪᠦᠰᠡᠭᠦᠢᠴᠦᠳ ᠢ ᠬᠤᠠᠳᠠᠭ᠎ᠠ ᠪᠠᠷ ᠴᠠᠳᠬᠠᠨ᠎ᠠ
ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠰᠢᠷᠠᠯᠠᠨ᠎ᠠ
ᠠᠮᠤᠷ ᠰᠠᠭᠤᠭᠰᠠᠤᠨ ᠢ ᠠᠷᠢᠭᠢ ᠪᠠᠷ ᠱᠠᠩᠳᠠᠭᠠᠨᠠ
ᠠᠵᠢᠯᠰᠠᠭ ᠭᠦᠮᠦᠰ ᠢ ᠭᠦᠳᠡᠯᠮᠦᠷᠢ ᠪᠠᠷ ᠱᠠᠪᠳᠠᠭᠠᠨᠠ
ᠠᠮᠢᠳᠤᠷᠠᠯ ᠤᠨ ᠦᠷᠳᠡᠭ᠌ ᠢ ᠦᠨ᠎ᠡ ᠪᠠᠷ ᠳᠠᠩᠨᠠᠨᠡ᠃
ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠨᠠᠭᠠᠳᠤᠨ᠎ᠠ
ᠨᠠᠢ᠌ᠷ ᠤᠨ ᠰᠢᠷᠡᠭᠡ ᠶᠢ ᠠᠷᠢᠭᠢ ᠪᠠᠷ ᠱᠠᠩᠳᠠᠭᠤᠷᠢᠯᠤᠨᠠ
ᠨᠠᠢ᠌ᠵᠠ ᠶᠢᠨ ᠰᠡᠳᠭᠢᠯ ᠢ ᠠᠮᠢᠳᠤᠷᠠᠯ ᠶᠢᠡᠷ ᠰᠢᠠᠳᠠᠷᠠᠭᠤᠯᠤᠨᠠ
ᠨᠡᠢ᠌ᠭᠡᠮ ᠤᠨ ᠳᠡᠩᠨᠡᠭᠦᠷ ᠢ ᠵᠢᠩ ᠶᠢᠡᠷ ᠭᠢᠮᠳᠠᠷᠠᠭᠤᠯᠤᠨᠠ᠃
ᠨᠠᠮᠤᠷ ᠪᠣᠯᠪᠠᠰᠤᠷᠬᠤ ᠳᠠᠭᠠᠨ ᠨᠠᠪᠴᠢ ᠪᠠᠨ ᠰᠠᠴᠤᠨ᠎ᠠ
ᠨᠠᠭᠠᠷᠤ ᠲᠡᠶ ᠴᠠᠭᠠᠷᠤ ᠲᠡᠶ ᠨᠢ ᠠᠮᠢᠳᠤᠷᠠᠯ ᠶᠢᠡᠨ ᠳᠠᠳᠤᠨᠠ
ᠪᠣᠴᠠᠬᠤ ᠭᠠᠯᠠᠭᠤᠳ ᠳᠠᠭᠤ ᠪᠠᠷ ᠶᠢᠡᠨ ᠣᠶᠠᠰᠬᠠᠨᠠ
ᠪᠣᠷᠠᠮᠳᠠᠭᠠᠢ ᠭᠦᠮᠦᠰ ᠥᠭᠡ ᠪᠠᠷ ᠶᠢᠡᠨ ᠴᠦᠯᠴᠢᠷᠠᠨᠠ
ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠳᠤᠰᠤᠯᠠᠨ᠎ᠠ
ᠨᠠᠳᠠᠳᠤ ᠴᠢᠮ᠎ᠠ ᠳᠡᠭᠡᠷ᠎ᠡ ᠳᠤᠰᠤ ᠪᠠᠷ ᠪᠣᠴᠠᠯᠤᠨ᠎ᠠ
ᠨᠠᠷᠠᠨ ᠤ ᠰᠠᠴᠤᠷᠠᠭ ᠰᠢᠵᠢᠷ ᠶᠢᠡᠷ ᠭᠡᠷᠡᠯᠳᠤᠨᠡ
ᠨᠠᠷᠮᠠᠢ ᠣᠷᠴᠢᠯᠠᠩ ᠨᠠᠢ᠌ᠷ ᠶᠢᠡᠷ ᠪᠢᠯᠬᠠᠨ᠎ᠠ᠃
ᠵᠤᠬᠢᠶᠠᠭᠴᠢ ᠶᠢᠨ ᠬᠠᠶᠢᠭ ᠄ ᠬᠤᠪᠣᠭᠰᠠᠢ᠌ᠷᠢ
ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ