ᠨᠡᠪᠲᠡᠷᠡᠨ ᠤᠷᠤᠬᠤ
ᠰᠤᠯᠤᠩᠭ᠋᠎ᠠ ᠳᠠᠳᠠᠪᠠ

           1

ᠳᠤᠯᠤᠭᠠᠨ ᠥᠩᠭᠡ ᠶᠢᠨ ᠰᠤᠯᠤᠩᠭ᠋᠎ᠠ

ᠳᠤᠳᠤᠨ᠎ᠠ ᠳᠡᠭ᠍ᠷᠢ ᠳᠤ ᠳᠠᠳᠠᠪᠠ

ᠳᠤᠮᠤᠭ᠎ᠠ ᠠᠯᠳᠠᠭᠰᠠᠨ ᠬᠡᠦᠬᠡᠳ

ᠳᠤᠯᠤᠪᠣᠷ ᠬᠤᠷᠤᠭᠤ ᠪᠠᠷ ᠵᠢᠭᠠᠪᠠ

         《  ᠲ᠋ᠡᠭ᠍ᠷᠢ ᠶᠢᠨ ᠡᠭᠦᠳᠡ ᠨᠡᠭᠡᠭᠡᠭ᠍ᠳᠡᠯ᠎ᠡ》ᠭᠡᠵᠤ

         ᠳᠡᠭᠡᠳᠦᠰ ᠮᠢᠨᠢ ᠶᠠᠷᠢᠳᠠᠭ ᠡᠴᠠ

         ᠬᠤᠷᠤᠭᠤ ᠪᠠᠷ ᠵᠢᠭᠠᠬᠤ ᠶᠢ ᠴᠡᠭᠡᠷᠯᠡᠨ

         ᠬᠠᠤᠯᠢ ᠶ‍ᠦᠮ ᠰᠢᠭ᠌ ᠰᠠᠭᠢᠳᠠᠭ ᠶᠤᠮ

ᠳᠠᠢ᠌ᠯᠪᠣᠷᠢ ᠦᠭᠡᠶ ᠣᠯᠠᠨ ᠨᠢᠭᠤᠴᠠ

ᠳᠠᠶᠠᠩ ᠳᠡᠯᠡᠭᠡᠢ ᠳᠤ ᠠᠷᠪᠢᠨ ᠶᠤᠮ

ᠳᠡᠭᠡᠵᠤ ᠮᠡᠳᠡᠭᠦ ᠥᠭᠡᠢ ᠰᠥᠰᠦᠭᠯᠡᠨ

ᠳᠠᠮᠠᠭᠠᠨ ᠪᠠᠷᠢᠭᠤᠯ ᠰᠢᠭ ᠰᠡᠳᠡᠷᠯᠡᠭ᠍ᠰᠡᠨ ᠶᠤᠮ᠃

          ᠪᠠᠢ᠌ᠭᠠᠯᠢ ᠰᠢᠳᠤᠵᠤ ᠲᠦᠮᠡᠨ ᠦᠶ᠎ᠡ

          ᠪᠠᠷᠴᠢᠳ ᠦᠭᠡᠶ ᠠᠮᠢᠳᠤᠷᠠᠭᠰᠠᠨ ᠶᠤᠮ

          ᠪᠠᠯᠠᠮᠠᠤᠨ ᠵᠠᠩ ᠢ ᠲ᠋ᠠᠪᠴᠢᠨ

          ᠡᠪ ᠲᠡᠶ ᠶᠠᠪᠣᠬᠤ ᠶᠢ ᠰᠤᠷᠤᠭᠰᠠᠨ ᠶᠤᠮ᠃

ᠰᠠᠢ᠌ᠬᠠᠨ ᠪᠦᠭᠦᠨ ᠢ ᠥᠪᠯᠡᠭᠦ

ᠰᠢᠨᠤᠯ ᠤᠨ ᠭᠠᠯ ᠢ ᠪᠦᠭᠦᠭᠦ ᠭᠡᠵᠤ

ᠬᠤᠷᠤᠭᠤ ᠪᠠᠷ ᠵᠢᠭᠠᠬᠤ ᠶᠢ ᠴᠡᠭᠡᠷᠯᠡᠳᠡᠭ᠌ ᠶᠤᠮ᠃

               2

ᠥᠩᠭᠡ ᠨᠢ ᠠᠭᠤᠰᠤᠭᠰᠠᠨ ᠰᠤᠯᠤᠩᠭ᠋᠎ᠠ

ᠦᠷᠤᠨ᠎ᠠ ᠳᠡᠭ᠍ᠷᠢ ᠳ᠋ᠤ ᠲ᠋ᠠᠳᠠᠪᠠ

《ᠦᠶᠡᠷ ᠣᠰᠤᠳᠠᠯ ᠪᠤᠯᠤᠨ᠎ᠠ》ᠭᠡᠵᠤ

ᠦᠷᠭᠡᠨ ᠲᠦᠮᠡᠨ ᠣᠢ᠌ᠮᠠᠪᠠ᠃

         ᠭᠠᠵᠠᠷ ᠳᠡᠯᠡᠭᠡᠢ ᠬᠠᠭᠰᠠᠵᠤ

         ᠭᠠᠩ ᠬᠠᠭᠤᠷᠠᠢ ᠨᠤᠶᠠᠷᠬᠠᠪᠠ

         ᠭᠠᠴᠢᠭᠳᠠᠭᠰᠠᠨ ᠠᠷᠠᠤᠨ ᠳᠠᠷᠪᠠᠵᠤ

         ᠣᠪᠣᠭ᠎ᠠ ᠪᠣᠩᠬᠤᠨ ᠳᠠᠭᠢᠪᠠ᠃

ᠳᠠᠷᠢᠶᠠᠨ ᠳᠠᠯᠠᠪᠠᠢ ᠨᠡᠮᠡᠭ᠍ᠳᠡᠵᠤ

ᠳᠠᠯ᠎ᠠ ᠶᠢᠨ ᠪᠠᠯᠴᠢᠭᠡᠷ ᠪᠠᠭᠠᠰᠪᠠ

ᠳᠠᠪᠤᠨ ᠬᠤᠰᠢᠭᠤ ᠮᠠᠯ ᠡᠴᠡ

ᠳᠡᠮᠡᠭᠡ ᠮᠤᠷᠢ ᠨᠢ ᠠᠷᠢᠯᠪᠠ

       ᠭᠦᠮᠤᠨ ᠠᠮᠢᠳᠠᠨ ᠣᠯᠠᠰᠢᠷᠠᠵᠤ

       ᠭᠦᠨᠦᠭᠡᠵᠤ ᠴᠥᠯᠪᠠᠭᠦ ᠶᠡᠭᠡᠳᠪᠡ

       ᠭᠦᠨᠡᠰᠤ ᠭᠦᠷᠦᠩᠭᠡ ᠴᠤᠭᠯᠠᠭᠤᠯᠵᠤ

       ᠬᠤᠪᠢ ᠬᠤᠪᠢᠨ ᠳᠠᠭᠠᠨ ᠰᠠᠮᠠᠭᠤᠷᠠᠪᠠ᠃

ᠳᠡᠩᠴᠡᠭᠦᠷᠢᠳᠡᠢ ᠪᠦᠭᠦᠨ ᠡᠪᠳᠡᠭ᠍ᠳᠡᠵᠤ

ᠳᠡᠭ᠍ᠷᠢ ᠶᠢᠨ ᠬᠠᠷᠠᠭ᠎ᠠ ᠮᠠᠭᠤᠳᠠᠪᠠ

ᠭᠠᠩ ᠬᠠᠭᠤᠷᠠᠢ ᠭᠠᠵᠠᠷ ᠡᠡᠪᠬᠤ ᠳ᠋ᠤ

ᠭᠠᠰᠢᠭᠤᠨ ᠥᠶᠡᠷ ᠶᠡᠭᠡᠳᠭᠦ ᠴᠤ

             3

ᠬᠤᠷᠴᠠ ᠥᠩᠭᠡ ᠲᠡᠶ ᠰᠤᠯᠤᠩᠭ᠋᠎ᠠ

ᠬᠤᠯᠠ ᠶᠢᠨ ᠳᠡᠭ᠍ᠷᠢ ᠳᠤ ᠳᠠᠳᠠᠪᠠ

ᠬᠤᠷᠮᠤᠰᠳᠠ ᠶᠢᠨ ᠶᠡᠭᠡ ᠬᠠᠭᠠᠯᠭ᠎ᠠ

ᠬᠤᠪᠢᠯᠭᠠᠨ ᠭᠦᠴᠤ ᠪᠠᠷ ᠨᠡᠭᠡᠭᠡᠭ᠍ᠳᠡᠪᠡ᠃

        ᠬᠠᠷ᠎ᠠ ᠳᠤᠯᠤᠭᠠᠢ᠌ᠳᠤ ᠭᠦᠮᠦᠰ

        ᠬᠠᠴᠢᠨ ᠪᠠᠯᠭᠡ ᠪᠠᠷ ᠪᠠᠶᠠᠰᠪᠠ

        ᠬᠠᠳᠠᠭᠤ ᠬᠠᠪᠴᠢᠭ ᠣᠯᠠᠷᠢᠯ

        ᠬᠠᠢ᠌ᠩᠭ᠋ᠤ ᠳᠡᠭᠡᠭᠡᠳ ᠥᠩᠭᠡᠷᠡᠭᠦ ᠨᠢ

ᠴᠠᠯᠭᠠᠢ ᠣᠰᠤᠯ ᠲᠡᠶ ᠴᠠᠭ

ᠴᠠᠭᠠᠨ᠎ᠠ ᠡᠴᠠ ᠪᠠᠨ ᠰᠢᠭᠤᠭᠳᠠᠪᠠ

ᠴᠠᠭ ᠳᠦᠷᠤ ᠶᠢᠨ ᠠᠭᠤᠤ

ᠶᠠᠰᠤᠨ ᠡᠴᠡ ᠪᠠᠨ ᠮᠡᠳᠡᠭ᠍ᠳᠡᠪᠡ᠃

       ᠬᠤᠷ᠎ᠠ ᠪᠣᠷᠤᠭᠠᠨ ᠤ ᠰᠢᠮ᠎ᠠ ᠪᠠᠷ

       ᠬᠤᠷᠸ᠎ᠠ ᠶ‍ᠢᠷᠳᠢᠠᠴᠤ ᠰᠢᠨᠠᠳᠪᠠ

       ᠬᠤᠭᠢᠮᠭᠠᠢ ᠰᠠᠨᠠᠭᠠᠳᠤ ᠭᠦᠮᠤᠨ

       ᠬᠤᠪᠳᠤᠭ ᠰᠢᠨᠤᠯ ᠶᠢᠡᠨ ᠳᠠᠪᠴᠢᠪᠠᠯ ᠁

ᠭᠦᠡᠳᠤ ᠳᠠᠷᠤᠭᠠᠰᠤ ᠲᠡᠶ ᠰᠡᠳᠭᠢᠯ

ᠭᠦᠩᠭᠡᠷᠡᠵᠤ ᠪᠠᠢ᠌ᠬᠤ ᠨᠢ ᠢᠯᠡᠭᠡᠨ

ᠮᠢᠩᠭ᠋ᠠᠨ ᠣᠨ ᠤ ᠳᠠᠷᠠᠭ᠎ᠠ

ᠮᠠᠢ᠌ᠳᠠᠷ ᠤᠨ ᠭᠠᠯᠪᠠ ᠢᠷᠠᠨ᠎ᠠ ︕


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠤᠭᠣᠢ᠌ᠯᠠᠩ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2654
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ