☆ ᠡ᠊·ᠳᠠᠮᠤᠷ
ᠠᠷᠠᠤᠨ ᠤᠨ ᠳᠠᠭᠤᠤ
ᠭᠦᠩᠭᠢᠨᠡᠮ᠎ᠡ ᠢᠷᠠᠭᠤ ᠡᠭᠡᠰᠢᠭ᠌
ᠭᠦᠭᠡ ᠳᠡᠭ᠍ᠷᠢ ᠳᠤ ᠴᠤᠤᠷᠢᠶᠠᠳᠤᠬᠤᠢ
ᠭᠦᠭ᠍ᠰᠡᠭ᠍ᠰᠡᠨ ᠰᠡᠳᠭᠢᠯ
ᠭᠦᠮᠤᠨ ᠮᠦᠰᠤ ᠪᠠᠷ ᠰᠤᠭᠳᠤᠭᠤᠷᠠᠬᠤᠢ
ᠣᠶᠠᠩᠭ᠋ᠠᠯᠠᠨ ᠣᠶᠠᠩᠭ᠋ᠠᠯᠠᠨ ᠳᠠᠭᠤᠯᠠᠬᠤ ᠳᠤ
ᠣᠷᠮ᠎ᠠ ᠵᠤᠷᠢᠭ ᠭᠦᠭ᠍ᠵᠢᠭᠦᠢ
ᠣᠴᠢᠷᠯᠠᠨ ᠣᠴᠢᠷᠯᠠᠨ ᠰᠡᠳᠭᠢᠭᠦ ᠳᠤ
ᠣᠬᠠᠭᠠᠨ ᠪᠣᠳᠤᠯ ᠰᠠᠷᠠᠭᠤᠯᠵᠢᠬᠤᠢ
ᠬᠠᠩᠭᠢᠨᠠᠭᠤᠯᠤᠨ ᠬᠠᠩᠭᠢᠨᠠᠭᠤᠯᠤᠨ ᠳᠠᠭᠤᠯᠠᠬᠤ ᠳᠤ
ᠬᠤᠷᠸ᠎ᠠ ᠳᠡᠯᠡᠭᠡᠢ ᠬᠤᠳᠤᠯᠵᠠᠬᠤᠢ
ᠬᠤᠪᠢᠷᠠᠭᠤᠯᠤᠨ ᠬᠤᠪᠢᠷᠠᠭᠤᠯᠤᠨ ᠣᠶᠠᠩᠭ᠋ᠠᠷᠠᠬᠤ ᠳᠤ
ᠬᠠᠭᠤᠴᠢᠨ ᠨᠠᠮᠪᠠ ᠪᠠᠯᠠᠷᠠᠬᠤᠢ
ᠢᠷᠠᠭᠤ ᠨᠠᠢ᠌ᠷᠠᠭ
ᠦᠷᠤᠴᠠᠨ ᠳᠤ ᠪᠠᠨ ᠳᠡᠯᠡᠭᠡᠢ ᠪᠠᠭᠳᠠᠭᠠᠵᠤ
ᠢᠷᠠᠭᠤ ᠨᠠᠢ᠌ᠷᠠᠭ
ᠡᠷᠡᠯᠭᠡᠭ᠌ ᠪᠦᠷᠭᠦᠤᠨ ᠰᠢᠭ᠌ ᠬᠠᠯᠢᠨ᠎ᠠ
ᠦᠨᠡᠨ ᠥᠭᠡ ᠪᠠᠨ ᠦᠴᠢᠭ᠍ᠰᠡᠭᠡᠷ
ᠢᠷᠠᠭᠤ ᠨᠠᠢ᠌ᠷᠠᠭ
ᠢᠮᠠᠭ᠎ᠠ ᠰᠢᠭ ᠭᠢᠮᠳᠠᠷᠠᠨᠠ
ᠬᠠᠶᠠ ᠨᠢᠭᠡ ᠰᠢᠯᠦᠭ᠌ ᠭᠡᠮᠡᠵᠤ ᠪᠢᠴᠢᠭᠦᠯᠡᠷ
ᠴᠢ ᠨᠠᠮ᠎ᠠ ᠶᠢ
ᠰᠠᠷᠠᠨ ᠳᠤ ᠬᠤᠴᠠᠭᠰᠠᠨ ᠨᠤᠬᠠᠢ ᠰᠢᠭ ᠢᠯᠡᠭᠦᠴᠢᠯᠡᠨᠡ
ᠣᠠᠴᠠ ᠵᠠᠷᠢᠮ ᠳᠤ ᠪᠠᠨ
ᠮᠤᠩᠭ᠋ᠤᠯ ᠨᠤᠮ ᠱᠭᠠᠢ᠌ᠬᠤᠯᠠᠷ
ᠮᠢᠨᠤ ᠨᠢᠳᠤᠨ ᠳᠤ ᠴᠢ
ᠪᠣᠷᠬᠠᠨ ᠭᠡᠮᠡᠷ ᠯᠠ ᠬᠠᠷᠠᠭᠳᠠᠨ᠎ᠠ
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ