ᠨᠡᠪᠲᠡᠷᠡᠨ ᠤᠷᠤᠬᠤ
ᠠᠩᠬᠠᠨ ᠤ ᠪᠣᠷᠤᠭᠠᠨ

       ᠠᠩᠬᠠᠨ ᠤ ᠵᠥᠭᠡᠯᠡᠨ ᠪᠣᠷᠤᠭᠠᠨ


ᠪᠠᠷᠠᠭᠠᠨ ᠰᠦᠨᠢ ᠶᠢᠨ ᠡᠩᠭᠡᠷ

ᠣᠳᠤᠳ ᠶᠢᠡᠨ ᠬᠠᠷᠠᠮᠨᠠᠭᠠᠤᠨ ᠬᠤᠷᠮᠣᠢ᠌ᠯᠠᠨ᠎ᠠ

ᠪᠠᠬᠠᠷᠤᠮ᠎ᠠ ᠳᠤᠯᠭᠢᠶᠠᠠᠳᠤ ᠳᠠᠯ᠎ᠠ

ᠵᠡᠭᠦᠳᠤ ᠪᠠᠨ ᠥᠭᠦᠭᠡᠷᠳᠦᠭᠡᠳ ᠳᠠᠮᠰᠢᠶᠠᠯᠠᠨ᠎ᠠ


ᠪᠣᠯᠵᠤᠮᠤᠷ ᠤᠨ ᠱᠤᠯᠤᠭᠠᠨᠠᠭᠠᠨ ᠰᠢᠭ

ᠣᠯᠢᠶᠠᠰᠤᠨ ᠤ ᠰᠠᠯᠠᠭ᠎ᠠ ᠪᠠᠷ ᠦᠰᠦᠷᠭᠢᠯᠠᠨ᠎ᠡ

ᠪᠣᠷᠤ ᠰᠢᠯᠪᠢᠭᠦᠷ ᠤᠨ ᠰᠢᠪᠰᠢᠷᠭᠡᠨ ᠰᠢᠭ᠌

ᠣᠷᠳᠤ ᠬᠠᠰᠢᠶᠠᠨ ᠤ ᠡᠪᠦᠷ ᠶᠢᠡᠷ ᠳᠠᠴᠢᠭᠢᠨᠠᠨ᠎ᠠ


ᠠᠳᠤᠭᠤᠳ ᠤᠨ ᠳᠦᠪᠠᠷᠭᠡᠨ ᠰᠢᠭ᠌

ᠠᠷᠤ ᠶᠢᠨ ᠵᠠᠮ ᠶᠢᠡᠷ ᠳᠦᠷᠴᠢᠭᠢᠨᠠᠨ᠎ᠡ

ᠠᠶᠠᠯᠭᠤ ᠰᠠᠢ᠌ᠬᠠᠨ ᠬᠤᠭᠤᠷ ᠰᠢᠭ

ᠠᠶᠠᠳᠠᠢ ᠰᠡᠳᠭᠢᠯ ᠳᠤ ᠭᠦᠷᠴᠢᠭᠢᠨᠡᠨ᠎ᠡ


ᠳᠦᠷᠭᠦᠮ ᠶᠢᠡᠨ ᠰᠠᠨᠠᠭᠰᠠᠨ ᠭᠡᠦᠭᠡᠨ ᠰᠢᠭ᠌

ᠱᠤᠷᠴᠢᠭᠢᠨᠠᠨ ᠡᠪᠭᠡᠷᠡᠨ ᠣᠭᠢᠯᠠᠨ᠎ᠠ

ᠳᠦᠷᠦᠭᠦᠴᠢ ᠶᠢᠨ ᠭᠠᠯᠠᠭᠤᠨ ᠤ ᠳᠤᠩᠭ᠋ᠤᠳᠤᠭᠠᠨ ᠰᠢᠭ

ᠱᠠᠷᠴᠢᠭᠢᠨᠠᠨ ᠡᠪᠭᠡᠷᠡᠨ ᠰᠢᠪᠠᠨᠠᠨ᠎ᠡ


ᠬᠠᠢ᠌ᠯᠠᠰᠤᠨ ᠤ ᠨᠤᠭᠤᠭᠠᠨ ᠨᠠᠪᠴᠢ ᠰᠢᠭ

ᠭᠡᠢ᠌ᠰᠴᠤ ᠭᠠᠩᠬᠤᠨ ᠱᠤᠤᠭᠢᠨ᠎ᠡ

ᠬᠠᠰᠢᠶᠠᠨ ᠤ ᠨᠤᠭᠤᠭᠠᠨ ᠤ ᠰᠡᠷᠪᠠᠯᠵᠡᠭᠡᠨ ᠰᠢᠭ᠌

ᠭᠡᠭᠡᠷ᠎ᠡ ᠶᠢᠨ ᠰᠠᠯᠭᠢᠨ ᠢᠰᠭᠡᠷᠤᠨ᠎ᠡ ᠁



        ᠵᠢᠮᠢᠰ ᠤᠨ ᠮᠤᠳᠤ ᠣᠰᠤᠯᠠᠶ᠎ᠠ


ᠭᠡᠦᠭᠡᠨ ᠬᠠᠪᠣᠷ ᠤᠨ ᠰᠠᠯᠭᠢᠨ

ᠭᠦᠳᠡᠩ ᠶᠢᠡᠨ ᠢᠷᠠᠭᠠᠤᠨ ᠴᠠᠢ᠌ᠯᠵᠠᠨ᠎ᠠ

ᠭᠡᠭᠡᠷ᠎ᠡ ᠶᠢᠨ ᠴᠠᠭᠠᠨ ᠡᠪᠠᠰᠤ

ᠳᠡᠭ᠍ᠷᠢ ᠪᠠᠨ ᠬᠠᠷᠠᠭᠠᠤᠨ ᠳᠦᠳᠡᠭᠡᠯᠵᠡᠨ᠎ᠡ

ᠵᠢᠮᠢᠰ ᠤᠨ ᠮᠤᠳᠤ ᠣᠰᠤᠯᠠᠶ᠎ᠠ

ᠵᠢᠷᠭᠠᠯ ᠤᠨ ᠣᠬᠠᠭᠠᠨ ᠣᠷᠭᠤᠭᠤᠯᠤᠶ᠎ᠠ


ᠣᠷᠢᠬᠠᠨ ᠬᠠᠪᠣᠷ ᠤᠨ ᠮᠤᠳᠤᠨ

ᠣᠶᠠᠷᠠᠯ ᠨᠢ ᠨᠣᠢ᠌ᠳᠠᠨ ᠭᠡᠰᠦᠨ᠎ᠡ

ᠤᠨᠵᠢᠭᠢᠷ ᠪᠣᠷᠤ ᠨᠠᠮᠠᠭᠠᠤᠨ

ᠣᠷᠢᠳᠤ ᠪᠠᠨ ᠵᠡᠭᠦᠳᠦᠯᠦᠭᠡᠳ ᠰᠠᠵᠢᠯᠠᠨ᠎ᠠ

ᠵᠢᠮᠢᠰ ᠤᠨ ᠮᠤᠳᠤ ᠣᠰᠤᠯᠠᠶ᠎ᠠ

ᠵᠢᠷᠭᠠᠯ ᠤᠨ ᠣᠬᠠᠭᠠᠨ ᠣᠷᠭᠤᠭᠤᠯᠤᠶ᠎ᠠ


ᠣᠶᠠᠬᠠᠨ ᠬᠠᠪᠣᠷ ᠤᠨ ᠰᠠᠯᠭᠢᠨ

ᠮᠤᠳᠤᠳ ᠤᠨ ᠮᠦᠴᠢᠷ ᠲᠤ ᠣᠶᠠᠰᠤᠨ᠎ᠠ

ᠰᠤᠶᠤᠭ᠎ᠠ ᠨᠠᠭᠢᠶ᠎ᠠ ᠶᠢᠨ ᠭᠦᠰᠡᠭᠡᠨ

ᠮᠤᠷᠴᠢᠭᠠᠨᠠᠨ ᠨᠢᠳᠦᠯᠡᠭᠦ ᠵᠢ ᠬᠠᠷᠠᠨ᠎ᠠ

ᠵᠢᠮᠢᠰ ᠤᠨ ᠮᠤᠳᠤ ᠣᠰᠤᠯᠠᠶ᠎ᠠ

ᠵᠢᠷᠭᠠᠯ ᠤᠨ ᠣᠬᠠᠭᠠᠨ ᠣᠷᠭᠤᠭᠤᠯᠤᠶ᠎ᠠ ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠰᠤᠷᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2012 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ