ᠨᠡᠪᠲᠡᠷᠡᠨ ᠤᠷᠤᠬᠤ
ᠵᠠᠢ᠌ᠳᠠᠭᠤ ᠨᠤᠳᠤᠭ ᠤᠨ ᠪᠠᠷ᠎ᠠ

ᠭᠢᠯᠢᠩ ᠶᠢᠡᠨ ᠨᠤᠭᠤᠭᠠᠷᠠᠭᠤᠯᠵᠤ ᠣᠷᠭᠤᠭᠰᠠᠨ

ᠭᠦᠮᠤᠨ ᠴᠢᠯᠠᠭᠤᠨ ᠠᠭᠤᠯᠠ ᠮᠢᠨᠢ

ᠭᠦᠳᠡᠩ ᠵᠢᠡᠨ ᠰᠡᠭ᠍ᠰᠦᠷᠴᠤ ᠳᠡᠨᠢᠭᠡᠷᠰᠢᠭ᠍ᠰᠡᠨ

ᠭᠦᠮᠤᠨ ᠤ ᠪᠠᠷ᠎ᠠ ᠲᠡᠶ ᠠᠮᠢᠰᠬᠤᠯ ᠮᠢᠨᠢ


ᠰᠢᠯᠦᠭᠯᠡᠶ᠎ᠡ ᠭᠡᠭᠦ ᠳᠤ ᠴᠢᠯᠠᠭᠤᠳ ᠨᠢ

ᠰᠡᠳᠭᠢᠯ ᠳᠤ ᠬᠠᠢ᠌ᠷᠠᠯᠠᠨ ᠢᠷᠠᠵᠤ ᠴᠡᠴᠡᠭᠯᠡᠨ᠎ᠡ

ᠳᠠᠭᠤᠯᠠᠶ᠎ᠠ ᠭᠡᠭᠦ ᠳᠤ ᠭᠦᠭᠡ ᠳᠡᠭ᠍ᠷᠢ ᠨᠢ

ᠬᠠᠮᠠᠷ ᠤᠨ ᠥᠵᠦᠭᠦᠷ ᠵᠡᠭᠦᠳᠤ ᠶᠢ ᠦᠨᠦᠰᠤᠨ᠎ᠡ


ᠦᠨᠦᠴᠢᠨ ᠬᠤᠧᠨ ᠶᠢᠨ ᠪᠠᠷ᠎ᠠ ᠨᠢ

ᠦᠴᠦᠭᠡᠳᠦᠷ ᠤᠨ ᠨᠠᠷᠠᠨ ᠤ ᠢᠯᠴᠢ ᠳᠠᠢ

ᠦᠨᠳᠦᠷ ᠪᠢᠰᠢ ᠴᠤ ᠠᠭᠤᠯᠠᠰ ᠨᠢ

ᠥᠭᠦᠭᠡᠷᠳᠦᠵᠤ ᠰᠡᠳᠬᠢᠯ ᠳᠤ ᠬᠤᠯᠪᠣᠭ᠎ᠠ ᠳᠠᠢ


ᠪᠠᠷᠴᠢᠳ ᠢ ᠳᠦᠭᠦᠰᠢᠯᠡᠭ᠍ᠰᠡᠨ ᠠᠯᠠᠭ᠎ᠠ

ᠪᠠᠬᠠᠷᠤᠯ ᠤᠨ ᠰᠠᠢ᠌ᠬᠠᠨ ᠴᠢᠶᠠᠨ ᠯᠢᠶᠠᠩ ᠵᠢᠨ

ᠪᠠᠷᠠᠭᠤᠨ ᠨᠢᠳᠤᠨ ᠤ ᠮᠢᠨᠢ ᠰᠤᠷᠮᠤᠰᠤ

ᠪᠣᠢ᠌ᠳᠠᠬᠠᠨ ᠳᠠᠯ᠎ᠠ ᠶᠢᠨ ᠡᠪᠠᠰᠤ ᠮᠤᠳᠤᠨ


ᠣᠷᠠᠩᠬᠠᠢ ᠡᠪᠦᠯ ᠢ ᠨᠢ ᠪᠣᠳᠤᠬᠤ ᠳ᠋ᠤ

ᠭᠦᠮᠤᠨ ᠤ ᠰᠡᠳᠭᠢᠯ ᠨᠢ ᠳᠤᠯᠠᠭᠠᠬᠠᠨ

ᠣᠠᠳᠠᠩᠬᠠᠢ ᠬᠠᠪᠣᠷ ᠢ ᠨᠢ ᠰᠠᠨᠠᠬᠤ ᠳ᠋ᠤ

ᠭᠦᠭᠡ ᠳᠠᠷᠢᠶ᠎ᠠ ᠴᠢᠭᠢ ᠨᠢ ᠰᠤᠷᠭᠤᠭᠬᠠᠨ  


ᠨᠤᠭᠤᠭᠠᠨ ᠨᠠᠪᠴᠢᠰ ᠨᠢ ᠦᠪᠡᠷ ᠤᠨ ᠭᠡᠯᠪᠠᠷᠢ ᠪᠠᠷ

ᠨᠠᠮᠤᠷ ᠤᠨ ᠰᠠᠯᠭᠢᠨ ᠳᠤ ᠣᠢ᠌ᠳᠤᠨ ᠭᠤᠮᠤᠷᠬᠠᠳᠠᠭ

ᠨᠠᠯᠠᠭᠠᠷᠬᠠᠨ ᠳᠠᠯ᠎ᠠ ᠨᠢ ᠨᠠᠷᠠᠨ ᠤ ᠳᠡᠷᠭᠡᠯ ᠶᠢᠡᠷ

ᠨᠠᠢ᠌ᠷ ᠡᠪ ᠲᠤ ᠨᠢ ᠬᠠᠢ᠌ᠷ᠎ᠠ ᠪᠠᠷ ᠭᠤᠶᠤᠯᠠᠳᠠᠭ


ᠨᠠᠢ᠌ᠷᠠᠭ ᠤᠨ ᠮᠤᠩᠭ᠋ᠤᠯ ᠬᠤᠷ᠎ᠠ ᠰᠢᠭ

ᠨᠤᠳᠤᠭ ᠤᠨ ᠪᠠᠷ᠎ᠠ ᠵᠡᠷᠭᠡᠯᠭᠡᠡᠳᠤᠨ ᠴᠠᠢ᠌ᠷᠠᠨ᠎ᠠ

ᠬᠠᠷᠴᠠᠭᠠᠢ ᠶᠢᠨ ᠬᠠᠷ᠎ᠠ ᠵᠢᠭᠦᠷ ᠭᠡᠮᠡᠷ

ᠬᠠᠷᠠᠭᠠᠨ ᠤ ᠥᠵᠦᠭᠦᠷ ᠠᠭᠤᠯᠠᠰ ᠨᠢ ᠳᠠᠢ᠌ᠪᠠᠨ᠎ᠠ


ᠠᠪᠣ ᠶᠢᠨ ᠰᠤᠷᠭᠠᠯ ᠭᠡᠷᠡᠯ ᠨᠢ ᠬᠠᠷᠢᠬᠤ ᠥᠭᠡᠢ

ᠠᠯᠳᠠᠩᠬᠠᠨ ᠭᠠᠵᠠᠷ ᠨᠢ ᠰᠡᠳᠭᠢᠯ ᠳ᠋ᠤ ᠬᠠᠯᠠᠭᠤᠨ

ᠡᠵᠢ ᠶᠢᠨ ᠬᠠᠢ᠌ᠷ᠎ᠠ ᠶᠢᠨ ᠰᠥ᠋ ᠨᠢ ᠭᠦᠷᠦᠭᠦ ᠥᠭᠡᠢ

ᠡᠶᠡᠷᠡᠭᠦᠨ ᠣᠰᠤᠨ ᠤ ᠠᠮᠳᠠ ᠨᠢ ᠷᠠᠰᠢᠶᠠᠨ ᠪᠣᠯᠠᠭ


ᠵᠡᠭᠦᠨ ᠨᠢᠳᠤᠨ ᠤ ᠮᠢᠨᠢ ᠭᠦᠮᠦᠰᠭᠡ

ᠵᠢᠷᠦᠭᠡ ᠰᠡᠳᠭᠢᠯ ᠤᠨ ᠥᠡᠴᠦᠭ᠌ ᠲᠡᠶ ᠠᠭᠤᠯᠠ

ᠵᠢᠷᠢ᠌ᠭ᠍ᠰᠡᠨ ᠮᠤᠩᠭ᠋ᠤᠯ ᠰᠠᠷᠠᠨ ᠤ ᠤᠢ᠌ᠳᠬᠠᠷ

ᠵᠠᠮ ᠤᠨ ᠵᠠᠢ᠌ᠷ ᠴᠢᠯᠠᠭᠤᠳ ᠤᠨ ᠱᠠᠷᠴᠢᠭᠢᠨᠠᠯ᠁   


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10027
ᠴᠠᠭ᠄ 2012 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ