☆ ᠪᠣᠷᠵᠢᠭᠢᠨ·ᠳᠤᠤᠯᠢ
ᠡᠵᠢ ᠶᠢᠨ ᠰᠠᠴᠤᠯᠢ ᠨᠢᠳᠤᠨ ᠡᠴᠡ ᠪᠣᠴᠠᠨ᠎ᠠ
ᠴᠢᠭᠢᠷ ᠤᠨ ᠮᠢᠨᠢ ᠦᠨᠦᠷ ᠢ ᠦᠨᠦᠰᠤᠨ ᠪᠠᠢ᠌ᠵᠤ ᠰᠠᠯᠭᠠᠭᠰᠠᠨ
ᠡᠵᠢ ᠳᠠᠨ ᠢ ᠪᠠᠨ ᠰᠠᠨᠠᠬᠤ ᠳ᠋ᠤ
ᠳᠤᠯᠤᠭᠠᠤᠨ ᠤᠨ ᠣᠷᠤᠢ ᠪᠠᠷ ᠰᠠᠷᠠᠨ ᠮᠠᠯᠳᠠᠷᠠᠨ ᠨᠢᠯᠪᠣᠰᠤ ᠰᠢᠭ ᠣᠶᠠᠷᠠᠩᠭ᠋ᠤᠢ
ᠳᠠᠯ᠎ᠠ ᠶᠢᠨ ᠮᠢᠩᠭ᠋ᠠᠨ ᠴᠤᠪᠣᠭ᠎ᠠ ᠪᠠᠷ ᠣᠨ ᠵᠢᠯ ᠢ ᠣᠷᠤᠰᠬᠠᠵᠤ
ᠳᠠᠪᠢᠯᠠᠩ ᠤᠨ ᠴᠠᠭᠠᠨ ᠵᠥᠷᠢᠭ᠌ ᠶᠢᠡᠨ ᠰᠥᠷᠦᠭ᠌ ᠤᠨ ᠳᠡᠷᠭᠡᠳᠡ ᠳᠤᠭᠤᠯᠬᠤ ᠳ᠋ᠠᠭᠠᠨ
ᠰᠦᠨ ᠭᠡᠷᠡᠯ ᠨᠢ ᠣᠢ᠌ᠵᠤ
ᠳᠡᠩᠳᠡᠭᠦᠤ ᠴᠤ ᠡᠷᠳᠡ ᠪᠣᠭᠤᠷᠤᠯᠳᠤᠵᠠᠢ ᠳ᠋ᠠ
ᠭᠤᠨ᠎ᠠ ᠶᠢᠨ ᠡᠪᠠᠷ ᠵᠢᠩᠳᠡᠭᠦᠤ ᠮᠠᠯᠴᠠᠢ᠌ᠵᠤ ᠬᠤᠨᠤᠭᠰᠠᠨ ᠬᠤᠵᠢᠭᠤ ᠨᠠᠮᠤᠷ ᠤᠨ ᠰᠦᠨᠢ ᠪᠠᠷ
ᠭᠤᠳᠤᠯ ᠱᠠᠭᠯᠠᠵᠤ᠂ ᠠᠮᠢᠳᠤᠷᠠᠯ ᠱᠠᠭᠯᠠᠵᠤ ᠭᠦᠤ ᠪᠠᠨ ᠰᠠᠨᠠᠬᠤ ᠶᠢᠨ ᠴᠠᠭ ᠳᠠᠭᠠᠨ
ᠪᠣᠭᠤᠷᠤᠯ ᠬᠠᠢ᠌ᠷᠠᠬᠠᠨ ᠤ ᠣᠷᠤᠢ ᠳᠤ ᠪᠠᠭᠡᠷᠡᠵᠤ ᠬᠤᠨᠤᠭᠰᠠᠨ
ᠪᠣᠷᠬᠠᠨ ᠳᠤᠯᠤᠭᠠᠨ ᠣᠳᠤᠨ ᠳᠠᠭᠠᠨ ᠰᠠᠴᠤᠯᠢ ᠡᠷᠭᠦᠭ᠍ᠰᠡᠨ
ᠪᠣᠷᠬᠠᠨ ᠳᠠ
ᠮᠥᠩᠭᠡ ᠶᠢᠨ ᠢᠷᠦᠭᠡᠯ ᠢᠳᠠᠮᠯᠠᠭᠰᠠᠨ
ᠡᠵᠢ ᠳᠠᠨ ᠢ ᠪᠠᠨ ᠰᠠᠨᠠᠬᠤ ᠳ᠋ᠤ
ᠮᠥᠩᠭᠦᠨ ᠠᠶᠠᠭᠠᠨ ᠤ ᠰᠠᠴᠤᠯᠢ ᠪᠠᠷ
ᠨᠢᠳᠤᠨ ᠡᠴᠡ ᠳᠠᠩᠳᠠ ᠪᠣᠴᠠᠨ᠎ᠠ
ᠳᠤᠭᠤᠭ᠎ᠠ ᠲᠡᠶ ᠰᠦᠨ ᠴᠢᠨᠢ ᠳᠠᠰᠢᠭᠤᠷᠠᠭᠰᠠᠨ
ᠳᠡᠭ᠍ᠷᠢ ᠶᠢᠨ ᠣᠳᠤᠳ ᠢ ᠥᠷᠭᠦᠭᠡᠵᠤ
ᠥᠤᠷ ᠶᠢᠡᠷ ᠣᠶᠠᠩᠭ᠋ᠠᠯᠠᠨ ᠵᠠᠶᠠᠭᠠᠭᠰᠠᠨ ᠭᠦᠤ ᠴᠢᠨᠢ
ᠡᠷ᠎ᠡ ᠭᠦᠮᠤᠨ ᠬᠤᠯᠠ ᠶᠠᠪᠣᠳᠠᠭ ᠵᠠᠶᠠᠭ᠎ᠠ ᠲᠡᠶ
ᠥᠷᠦᠪᠴᠢᠭᠡᠨ ᠬᠤᠷᠸ᠎ᠠ ᠰᠡᠳᠭᠢᠯ ᠴᠢᠨᠢ ᠰᠢᠭ᠌ ᠣᠶᠠᠰᠤᠨ
ᠬᠠᠪᠣᠷ ᠤᠨ ᠠᠭᠢ ᠡᠷᠳᠡ ᠨᠢᠳᠦᠯᠡᠭᠦ ᠴᠠᠭ ᠳᠤ
ᠬᠠᠷᠠᠴᠠᠨ ᠳᠤ ᠴᠢᠨᠢ ᠪᠦᠷᠳᠦᠯᠵᠡᠭ᠍ᠰᠡᠨ ᠠᠭᠤᠯᠠᠰ
ᠭᠦᠤ ᠴᠢᠨᠢ ᠪᠣᠯᠵᠤ ᠥᠨᠦᠰᠦᠭᠦᠯᠳᠡᠭ᠌ ᠪᠠᠢ᠌ᠬ᠎ᠠ
ᠬᠠᠭᠠᠨ ᠪᠣᠭᠳᠠ ᠶᠢᠨ ᠮᠢᠨᠢ ᠶᠠᠰᠤ ᠠᠮᠤᠷᠵᠢᠭᠰᠠᠨ ᠨᠤᠳᠤᠭ ᠡᠴᠡ
ᠬᠠᠢ᠌ᠷ᠎ᠠ ᠪᠠᠷ ᠮᠦᠯᠢᠯᠠᠨ ᠵᠦᠩᠨᠠᠵᠤ ᠪᠠᠯᠭᠡᠳᠡᠭ᠍ᠰᠡᠨ ᠴᠢᠯᠠᠭᠤ ᠴᠢᠨᠢ
ᠨᠢᠯᠪᠣᠰᠤ ᠳᠠᠭᠠᠪᠣᠷᠢᠯᠠᠨ ᠳᠠᠩᠳᠠ ᠴᠢᠭᠢᠭ᠍ᠳᠡᠢ ᠁
ᠥᠤᠷ ᠤᠨ ᠰᠡᠵᠢᠭᠦᠷ ᠢ ᠴᠠᠭᠢᠵᠤ ᠳᠤᠯᠭ᠎ᠠ ᠶᠢᠨ ᠭᠠᠯ ᠶᠢᠡᠨ ᠭᠦᠭ᠍ᠵᠢᠭᠡᠭᠦ ᠳ᠋ᠡᠭᠡᠨ
ᠦᠷ᠎ᠡ ᠮᠢᠨᠢ︕ ᠦᠷ᠎ᠡ ᠮᠢᠨᠢ︕ ᠭᠡᠵᠤ
ᠰᠡᠳᠭᠢᠯ ᠶᠢᠡᠨ ᠰᠠᠴᠤᠯᠠᠭᠰᠠᠨ ᠡᠵᠢ ᠮᠢᠨᠢ
ᠡᠭᠦᠯᠡᠰ ᠤᠨ ᠵᠢᠷᠤᠭ ᠪᠠᠷ᠎ᠠ ᠪᠠᠷ ᠴᠢᠨᠢ ᠣᠷᠭᠤᠵᠤ
ᠡᠳᠦᠷᠵᠢᠨ
ᠨᠢᠯᠪᠣᠰᠤ ᠶᠢ ᠮᠢᠨᠢ ᠠᠷᠴᠢᠨ ᠨᠡᠭᠦᠵᠤ ᠪᠣᠴᠠᠨ᠎ᠠ
2002 ᠣᠨ᠂ ᠰᠤᠷᠭᠠᠭᠤᠯᠢ ᠶᠢᠨ ᠭᠦᠷᠢᠶᠡᠯᠡᠩ ᠤᠨ ᠬᠦᠬᠡᠬᠤᠲᠠᠨ᠎ᠡ
ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3085
ᠴᠠᠭ᠄ 2009 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ