ᠨᠡᠪᠲᠡᠷᠡᠨ ᠤᠷᠤᠬᠤ
ᠣᠬᠤᠷ ᠰᠢᠯᠦᠭ᠌ ᠳᠠᠪᠤᠨ ᠪᠠᠳᠠᠭ

1᠂ ᠣᠭᠢᠯᠠᠩᠬᠠᠢ ᠴᠢᠯᠠᠭᠤ

ᠬᠠᠳᠠᠭᠤ ᠴᠢᠯᠠᠭᠤ ᠡᠴᠡ ᠴᠢᠰᠤ ᠳᠠᠭᠠᠭᠠᠪᠣᠷᠢᠯᠠᠨ᠎ᠠ

ᠬᠠᠯᠠᠭᠤᠨ ᠴᠢᠰᠤᠨ ᠡᠴᠡ ᠳᠠᠪᠤᠨ ᠴᠠᠰᠢ

ᠬᠠᠷ᠎ᠠ ᠨᠢᠯᠪᠣᠰᠤ ᠨᠢ ᠴᠢᠮᠡᠭᠡ ᠦᠭᠡᠶ ᠦᠶᠡᠷᠯᠠᠨ᠎ᠠ

ᠭᠡᠰᠡᠷ ᠪᠣᠭᠳᠠ ᠶᠢᠨ ᠬᠤᠪᠢᠯᠭᠠᠨ ᠭᠦᠯᠭᠡ ᠳ᠋ᠤ

ᠭᠡᠮᠭᠡ ᠴᠠᠪᠴᠢᠭᠳᠠᠭᠠᠤᠨ ᠣᠭᠢᠯᠠᠭᠰᠠᠨ ᠦᠭᠡᠶ ᠳᠠᠷᠠ ᠴᠢᠯᠠᠭᠤ

ᠭᠦᠭᠡ ᠳᠡᠭ᠍ᠷᠢ ᠶᠢ ᠨᠤᠷᠠᠬᠤ ᠡᠴᠡ ᠭᠡᠷᠰᠡᠤᠯᠡᠵᠤ

ᠭᠦᠯ ᠳᠤᠤᠷᠠᠭᠢ ᠳᠤᠯᠭᠠᠭᠤᠷᠢ ᠪᠣᠯᠬᠤ ᠶᠢ ᠰᠠᠨᠠᠵᠠᠢ᠃

2 ᠪᠣᠳᠤᠯ ᠤᠨ ᠪᠣᠭᠤᠮᠢ

ᠬᠠᠢ᠌ᠷᠠᠳᠠᠢ ᠴᠢᠮᠠᠳᠠᠭᠠᠨ ᠰᠢᠯᠦᠭ᠌ ᠨᠠᠢ᠌ᠷᠠᠭᠰᠠᠭᠠᠷ ᠪᠠᠢ᠌ᠵᠤ

ᠬᠠᠢ᠌ᠷᠴᠠᠭ ᠲᠡᠶ ᠳᠠᠮᠠᠭᠢ ᠮᠢᠨᠢ ᠬᠤᠭᠤᠰᠤᠷᠠᠬᠤ ᠳ᠋ᠤ

ᠪᠣᠷᠤᠬᠠᠨ ᠴᠢᠷᠠᠢ ᠲᠡᠶ ᠭᠦᠭᠡᠷᠦᠭᠦᠨ ᠴᠢᠨᠤ ᠳᠦᠷᠢ

ᠪᠣᠳᠤᠯ ᠤᠨ ᠪᠣᠭᠤᠮᠢ ᠪᠣᠯᠵᠤ ᠵᠢᠷᠦᠭᠡ ᠶᠢ ᠣᠨᠢᠯᠠᠨ ᠢᠰᠭᠡᠷᠦᠨ᠎ᠡ

ᠨᠢᠺᠦᠲ᠋ᠢᠨ ᠡᠴᠡ ᠭᠡᠷᠴᠡᠭᠡᠢ ᠴᠢᠰᠤ ᠨᠠᠭᠠᠯᠳᠤᠬᠤ ᠦᠭᠡᠶ ᠭᠢᠳᠤᠭ᠎ᠠ

ᠨᠢᠩᠵᠢᠨ ᠰᠡᠳᠭᠢᠯ ᠢ ᠴᠠᠪᠴᠢᠵᠤ ᠠᠢ᠌ᠰᠤᠢ᠁

3᠂ ᠰᠤᠬᠤᠷ ᠨᠤᠮᠤᠨ ᠤ ᠰᠤᠯᠢᠶᠠᠷᠠᠯ

ᠳᠦᠨᠠᠷ ᠬᠠᠷᠠᠩᠭ᠋ᠤᠢ ᠳ᠋ᠠᠭᠢ ᠠᠮᠢᠳᠤᠷᠠᠯ ᠤᠨ ᠪᠠᠶᠠᠰᠤᠯ ᠪᠣᠯ

ᠳᠦᠩᠭᠦᠢᠨ ᠬᠠᠷᠠᠭᠳᠠᠬᠤ ᠣᠪᠣᠭᠠᠳᠤ ᠰᠢᠷᠤᠢ ᠶᠤᠮ

ᠳᠡᠭᠦᠨ ᠤ ᠳᠤᠤᠷᠠᠭᠢ ᠭᠦᠭᠡᠷᠦᠭᠦᠢ ᠰᠦᠨᠠᠰᠤ ᠪᠢ ᠯᠠ

ᠲᠦᠮᠡᠨ ᠣᠨ ᠣᠭᠢᠯᠠᠬᠤ ᠮᠥᠩᠭᠡ ᠶᠢᠨ ᠬᠠᠷᠠᠮᠰᠠᠯ ᠶᠤᠮ

ᠳᠡᠦᠭᠡᠨ ᠳᠤ ᠡᠭᠦᠰᠦᠭᠡ ᠦᠭᠡᠶ ᠭᠠᠵᠠᠷ ᠭᠦᠳᠡᠯᠦᠯᠳᠡ ᠵᠢ

ᠳᠠᠰᠪᠣᠷᠢᠳᠠᠢ ᠭᠦᠯᠢᠶᠡᠵᠤ ᠪᠠᠢ᠌ᠶ᠎ᠠ︕ ᠠᠢ᠁

4᠂ ᠡᠯᠡᠰᠤᠨ ᠴᠦᠯ ᠤᠨ ᠳᠠᠭᠢᠯᠭ᠎ᠠ

ᠡᠨᠡ ᠴᠦᠯ ᠢ ᠥᠩᠭᠡᠷᠡᠪᠠᠯ ᠳ᠋ᠸᠪᠠᠵᠠᠨ ᠳᠠᠭᠠᠨ ᠭᠦᠷᠦᠨ᠎ᠡ ᠭᠡᠵᠤ

ᠨᠠᠭᠤᠷ ᠡᠴᠡ ᠰᠠᠯᠤᠭᠰᠠᠨ ᠮᠡᠯᠡᠭᠡᠢ ᠳᠡᠯᠡᠭᠡᠢ ᠶᠢ ᠵᠤᠷᠢᠨ ᠦᠰᠦᠷᠤᠨ᠎ᠠ

ᠡᠭᠡ ᠨᠤᠳᠤᠭ ᠡᠯᠢᠭᠡᠨ ᠰᠠᠳᠤᠨ ᠡᠴᠡ ᠪᠠᠨ ᠰᠠᠯᠤᠭᠰᠠᠨ ᠳᠠᠷᠠ

ᠨᠢᠭᠡ ᠵᠠᠭᠤᠨ ᠤ ᠳᠤᠷᠰᠢ ᠡᠯᠡᠰᠤᠨ ᠴᠦᠯ ᠳᠤ ᠫᠠᠭᠰᠢᠵᠠᠢ

ᠭᠡᠵᠢᠶ᠎ᠡ ᠰᠡᠭᠦᠯᠡᠷ ᠨᠢ ᠳᠠᠷᠬᠠᠭᠰᠠᠨ ᠴᠠᠭᠠᠵᠠ ᠶᠢᠨ ᠦᠨᠡᠮᠯᠠᠯ ᠣᠯᠭᠤᠬᠤ ᠳ᠋ᠤ

ᠭᠦᠭᠡᠷᠦᠭᠦᠢ ᠳᠠᠷᠠ ᠮᠠᠨᠢ ᠡᠯᠡᠰᠤᠨ ᠴᠦᠯ ᠤᠨ ᠳᠠᠭᠢᠯᠭ᠎ᠠ ᠪᠣᠯᠵᠠᠢ᠃

5᠂ ᠡ᠊ᠨᠳᠡᠭᠦᠷᠡᠯ

ᠣᠷᠭ᠎ᠠ ᠪᠠᠨ ᠳᠤᠭᠣᠢ᠌ᠯᠠᠵᠤ ᠡᠮᠡᠭᠡᠯ ᠳᠡᠭᠡᠷ᠎ᠡ ᠮᠤᠷᠳᠠᠬᠤᠶ᠎ᠠ

ᠠᠭᠤᠳᠠᠮ ᠳᠠᠯ᠎ᠠ ᠴᠡᠭᠡᠵᠢ ᠪᠠᠨ ᠣᠩᠭ᠋ᠣᠢ᠌ᠯᠭᠠᠨ᠎ᠠ

ᠠᠰᠬᠠᠭᠰᠠᠨ ᠰᠤᠪᠣᠤᠨ ᠰᠢᠭ ᠳᠠᠪᠤᠨ ᠬᠤᠰᠢᠭᠤ ᠮᠠᠯ

ᠠᠯᠠᠭ ᠴᠡᠴᠡᠭ᠌ ᠤᠨ ᠳᠤᠮᠳᠠ ᠳᠠᠷᠬᠠᠨ ᠪᠠᠯᠴᠢᠨ᠎ᠠ

ᠬᠤᠷᠸ᠎ᠠ ᠳᠤ ᠬᠤᠤᠰ ᠦᠭᠡᠶ ᠡᠨᠡ ᠰᠠᠢ᠌ᠬᠠᠨ ᠦᠵᠡᠮᠵᠢ ᠶᠢ ᠬᠤᠵᠢᠮ

ᠬᠠᠨᠠᠨ ᠳᠤ ᠡᠯᠭᠦᠭ᠍ᠰᠡᠨ ᠵᠢᠷᠤᠭ ᠡᠴᠡ ᠰᠤᠨᠢᠷᠬᠠᠨ᠎ᠠ ᠦᠦ︖

ᠵᠤᠬᠢᠶᠠᠭᠴᠢ᠄ ᠣᠷᠢᠶᠠᠩᠬᠠᠨ ᠬᠠ᠊·ᠴᠤᠯᠮᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3020
ᠴᠠᠭ᠄ 2009 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ