ᠨᠡᠪᠲᠡᠷᠡᠨ ᠤᠷᠤᠬᠤ
ᠳᠠᠢ᠌ᠪᠣᠩ ᠨᠣᠢ᠌ᠷᠰᠤᠭᠠᠷᠠᠢ

ᠨᠢᠭᠡᠨ ᠪᠠᠭᠰᠢ ᠶᠢᠨ ᠵᠢᠠᠨ

          ᠠᠷᠢᠭᠤᠨ ᠰᠦᠨᠠᠰᠤᠨ ᠳ᠋ᠤ

ᠳᠤᠭᠤᠢ ᠯᠠ ᠪᠠᠢ᠌ᠯ᠎ᠠ

ᠳᠤᠮᠪᠣᠢ᠌ᠵᠤ ᠯᠠ ᠪᠠᠢ᠌ᠯ᠎ᠠ

ᠳᠤᠠᠳᠤᠭᠤᠷ ᠪᠣᠠᠳᠤᠭᠤᠷ ᠬᠡᠦᠬᠡᠳ ᠤᠳ

ᠳᠠᠨ ᠢ ᠳᠤᠭᠤᠷᠢᠭᠠᠤᠨ ᠡᠷᠭᠢᠵᠤ ᠯᠠ ᠪᠠᠢ᠌ᠯ᠎ᠠ᠃


ᠳᠠᠭᠤ ᠲᠡᠶ ᠢᠷᠡᠭᠡᠳ

ᠳᠠᠭᠤ ᠦᠭᠡᠶ ᠠᠮᠢᠳᠤᠷᠠᠬᠤ ᠳ᠋ᠠᠭᠠᠨ

ᠳᠠᠭᠤᠳᠤ ᠬᠤᠷᠸ᠎ᠠ ᠳ᠋ᠤ

ᠳᠤᠷᠠᠯᠠᠯ ᠲᠡᠶ ᠶᠠᠪᠣᠬᠤ ᠳ᠋ᠠᠭᠠᠨ

ᠳᠤᠭᠳᠠᠭᠤᠨ ᠢᠨᠢᠶᠠᠳᠤ ᠪᠠᠷ ᠵᠢᠠᠨ

ᠳᠦᠭᠦᠷᠡᠩ ᠵᠢᠷᠭᠠᠯ ᠶᠢᠡᠨ ᠳᠤᠳᠤᠷᠠᠭᠤᠯᠵᠤ ᠪᠠᠢ᠌ᠯ᠎ᠠ᠃


ᠳᠦᠭᠦᠭᠡ ᠦᠭᠡᠶ ᠵᠢᠭᠠᠯ ᠶᠢᠡᠨ ᠬᠠᠷᠠᠭᠠᠤᠨ

ᠳᠡᠷᠭᠡᠯ ᠰᠠᠷᠠᠨ ᠤ ᠮᠦᠰᠢᠶᠠᠯ ᠲᠡᠶ ᠯᠠ ᠪᠠᠢ᠌ᠯ᠎ᠠ

ᠲᠦᠪ ᠴᠢᠩᠭ᠎ᠠ ᠭᠦᠮᠦᠵᠢᠯ ᠶᠢᠡᠷ ᠵᠢᠠᠨ

ᠳᠡᠦᠭᠡᠳᠤ ᠰᠤᠶᠤᠯ ᠶᠢᠡᠨ ᠣᠯᠠᠮᠵᠢᠯᠠᠵᠤ ᠯᠠ ᠪᠠᠢ᠌ᠯ᠎ᠠ


ᠳᠡᠩᠳᠡᠭᠦᠤ ᠶᠡᠭᠡ ᠶᠠᠳᠠᠷᠠᠭᠰᠠᠨ ᠡᠴᠠ ᠴᠤ ᠪᠣᠯᠪᠠᠤ

ᠳᠡᠭ᠍ᠷᠢ ᠶᠢᠨ ᠠᠶᠠᠨ ᠳᠤ ᠮᠤᠷᠳᠠᠴᠢᠬᠠᠯ᠎ᠠ ᠳᠠ ᠮᠢᠨᠢ

ᠳᠠᠠᠳᠠ ᠪᠠᠨ ᠭᠦᠷᠦᠭᠡᠳ ᠭᠦᠭᠡᠷᠦᠭᠦᠢ

ᠳᠠᠢ᠌ᠪᠣᠩ ᠰᠠᠢ᠌ᠬᠠᠨ ᠨᠣᠢ᠌ᠷᠰᠤᠭᠠᠷᠠᠢ ᠳᠠ ᠮᠢᠨᠢ︕


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠬᠠᠩᠭᠢᠠᠴᠤᠳ ᠴᠤᠯᠮᠤᠨ‍ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2010 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ