ᠨᠡᠪᠲᠡᠷᠡᠨ ᠤᠷᠤᠬᠤ
ᠪᠦᠰᠡᠭᠦᠢ ᠳᠠᠪᠢᠯᠠᠩ

ᠳᠠᠪᠤᠨ ᠰᠠᠷ᠎ᠠ ᠶᠢᠨ ᠦᠶ᠎ᠡ ᠶᠢᠨ ᠬᠤᠷᠴᠢᠨ ᠨᠤᠳᠤᠭ ᠭᠡᠵᠤ ᠮᠦᠨ ᠭᠠᠩ ᠬᠠᠭᠤᠷᠠᠢ ᠪᠠᠷ ᠶᠢᠡᠨ᠃ ᠰᠡᠷᠪᠠᠯᠵᠡᠭ᠍ᠰᠡᠨ ᠰᠠᠯᠭᠢ ᠰᠢᠪᠠᠷᠡᠭ᠍ᠰᠡᠨ ᠬᠤᠷ᠎ᠠ ᠶᠠᠷᠤ ᠡᠴᠡ ᠠᠯᠠᠭ᠎ᠠ᠃ ᠳᠡᠭ᠍ᠷᠢ ᠶᠢᠨ ᠴᠢᠷᠠᠢ ᠶᠢ ᠬᠠᠷᠠᠵᠤ ᠣᠠᠳᠤᠷᠤᠨ᠎ᠠ ᠭᠡᠭᠦ ᠡᠴᠡ ᠭᠦᠮᠦᠰ ᠤᠨ ᠰᠠᠤᠠᠭᠢᠯ ᠵᠦᠳᠠᠷᠠᠪᠠᠴᠤ ᠠᠯᠠᠭᠠᠨ ᠭᠠᠵᠠᠷ ᠠᠤᠠᠬᠤ ᠭᠦᠷᠦᠰᠤᠨ ᠡᠴᠡ ᠪᠠᠨ ᠰᠠᠯᠵᠤ ᠦᠯᠦ ᠲᠦᠪᠳᠠᠨ᠎ᠠ᠃ ᠳᠡᠭᠡᠭᠦ ᠪᠠᠷ ᠴᠥᠭᠡᠪᠦᠷᠢ ᠭᠡᠳᠤᠨ ᠣᠳᠤᠷ ᠤᠨ ᠨᠡᠭᠦᠳᠡᠯ᠂ ᠳᠠᠮᠤ ᠭᠡᠴᠡᠭᠦᠤ ᠠᠷᠴᠢᠭᠤᠷ ᠤᠨ ᠣᠢ᠌ᠯᠠ ᠣᠯᠠᠷᠢᠯ ᠤᠨ ᠵᠢᠮ᠎ᠠ ᠶᠢ ᠳᠠᠭᠠᠵᠤ ᠬᠤᠷᠴᠢᠨ ᠨᠤᠳᠤᠭ ᠤᠨ ᠪᠠᠰᠠ ᠬᠠᠪᠣᠷ ᠢ ᠣᠭᠳᠤᠵᠠᠢ᠃

ᠵᠠ᠂ ᠬᠠᠪᠣᠷ ᠤᠨ ᠳᠠᠷᠢᠶᠠᠯᠠᠭ᠎ᠠ ᠴᠤ ᠪᠣᠯᠤᠯ᠎ᠠ᠂ ᠮᠠᠨᠠᠢ᠌ᠭᠢᠨ ᠪᠠᠷᠠᠭᠤᠠᠰᠢ᠂ ᠡᠮᠦᠨᠡᠰᠢ ᠳᠠᠪᠠᠭᠰᠠᠭᠠᠷ ᠭᠠᠳᠠᠷ ᠰᠤᠮᠤᠨ ᠤ ᠭᠠᠵᠠᠷ ᠁ ᠭᠡᠵᠤ ᠬᠠᠢ᠌ᠯᠠᠰᠤᠳᠠᠢ ᠭᠠᠴᠠᠭ᠎ᠠ ᠶᠢᠨ ᠨᠠᠮ ᠤᠨ ᠡᠭᠦᠷ ᠤᠨ ᠱᠦᠵᠢ ᠪᠠᠳᠤ ᠭᠤᠸᠠᠢ᠂ ᠳᠠᠷᠢᠶᠠᠯᠠᠬᠤ ᠰᠤᠮᠤ ᠲᠡᠶ ᠬᠠᠶᠠᠭ᠎ᠠ ᠨᠠᠢ᠌ᠯᠠᠨ ᠰᠠᠭᠤᠭᠰᠠᠨ ᠳᠠᠭᠠᠨ ᠭᠠᠰᠠᠯᠤᠨ᠎ᠠ᠃

᠊᠊᠊᠊᠊᠊᠊᠊᠊᠊᠊᠊᠊᠊᠊ ᠣᠳᠤᠭᠢ ᠴᠠᠭ ᠭᠡᠵᠤ ᠭᠦᠮᠤᠨ ᠨᠢ ᠭᠦᠮᠤᠨ ᠶᠢᠡᠨ ᠪᠠᠷᠢᠵᠤ ᠢᠳᠡᠭᠦ ᠪᠣᠯᠵᠠᠢ᠂ ᠮᠠᠯ ᠲᠡᠶ ᠴᠢᠨᠢ ᠳᠦᠩᠭᠡᠵᠤ ᠬᠠᠷᠭᠤᠯᠳᠤᠭᠰᠠᠭᠷ ᠯᠠ ᠳᠠᠷᠢᠶᠠᠨ ᠳᠤ ᠣᠷᠤᠵᠠᠢ᠂ ᠰᠥᠢᠦᠡᠭᠡᠵᠡᠢ ᠭᠡᠮᠡᠨ ᠳᠡᠭ᠍ᠷᠢ ᠶᠢᠨ ᠬᠠᠩᠰᠢ ᠪᠠᠷ ᠳᠤᠷᠭᠠᠬᠤ ᠨᠢ ᠳᠠᠷᠠ ᠡ ᠭᠡᠵᠤ ᠭᠠᠴᠠᠭᠠᠨ ᠳᠠᠷᠤᠭ᠎ᠠ ᠰᠥᠭᠡ ᠴᠤ ᠭᠦᠮᠦᠰᠭᠡ ᠵᠠᠩᠭᠢᠳᠤᠨ᠎ᠠ᠃

᠊᠊᠊᠊᠊᠊᠊᠊᠊᠊᠊᠊᠊᠊᠊ ᠡᠨᠡ ᠵᠢᠯ᠂ ᠳᠠᠪᠠᠭᠠᠨ ᠵᠡᠭᠦᠡᠳᠡᠭᠢ ᠪᠣᠭᠤᠳᠠᠢ ᠶᠢᠨ ᠳᠠᠷᠢᠶ᠎ᠠ (ᠭᠡᠳᠤᠨ ᠵᠢᠯ ᠤᠨ ᠡᠮᠦᠨ᠎ᠡ ᠬᠠᠭᠠᠯᠪᠣᠷᠢᠯᠠᠵᠠᠢ) ᠵᠢ ᠰᠠᠢ᠌ᠨ ᠬᠠᠮᠠᠭᠠᠯᠠᠬᠤ ᠦᠭᠡᠶ ᠪᠣᠯ ᠪᠣᠯᠬᠤ ᠦᠭᠡᠶ ᠰᠢᠤ᠂ ᠳᠠᠷᠠ ᠴᠢᠨᠢ ᠮᠠᠨ ᠤ ᠭᠠᠴᠠᠭ᠎ᠠ ᠶᠢᠨ ᠠᠮᠢᠨ ᠭᠦᠨᠡᠰᠤ ᠰᠢᠤ ᠳ᠋ᠠ᠃

᠊᠊᠊᠊᠊᠊᠊᠊᠊᠊᠊᠊᠊᠊᠊ ᠳᠡᠭᠡᠯᠭᠦᠢ ᠶᠠᠭᠠᠭᠢᠬᠤᠪ᠂ ᠰᠠᠭᠤᠭᠠᠯᠢ ᠡᠷᠦᠭᠡ ᠭᠡᠳᠡᠭ᠌ ᠪᠠᠰᠠ ᠳᠦᠪᠠᠭ᠍ᠳᠡᠢ᠂ ᠨᠢᠭᠡ ᠯᠠ ᠵᠥᠭ᠌ ᠣᠳᠤᠷᠯᠠᠬᠤ ᠠᠮᠢᠳᠤᠷᠠᠯ ᠭᠢᠪᠠᠯ ᠁

᠊᠊᠊᠊᠊᠊᠊᠊᠊᠊᠊᠊᠊᠊᠊ ᠳᠡᠭᠡᠭᠡᠤᠨ ᠶᠠᠭᠠᠭᠢᠵᠤ ᠪᠣᠯᠤᠨ᠎ᠠ︖ ᠭᠡᠦᠭᠡᠤᠨ ᠰᠢᠤᠬᠠᠤᠨ ᠰᠤᠷᠭᠠᠭᠤᠯᠢ ᠮᠤᠷᠭᠠᠭᠤᠯᠢ ᠭᠡᠤᠨ ᠪᠠᠢ᠌ᠬᠤ ᠶᠤᠮ ᠴᠢᠨᠢ᠂ ᠡᠷᠦᠭᠡ ᠪᠦᠷᠢ ᠰᠠᠭᠠᠯᠢ ᠶᠢᠨ ᠮᠠᠯ ᠶᠢᠡᠨ ᠥᠯᠡᠳᠡᠭᠡᠭᠦ ᠦᠭᠡᠶ ᠪᠣᠯ ᠭᠤᠷᠢ ᠦᠭᠡᠶ ᠳ᠋ᠠ᠃

ᠱᠦᠵᠢ ᠳᠠᠷᠤᠭ᠎ᠠ ᠬᠤᠶᠠᠷ ᠡᠢ᠌ᠨ ᠭᠦ ᠶᠠᠷᠢᠶ᠎ᠠ ᠪᠣᠯᠵᠤ᠂ ᠠᠢ᠌ᠯ ᠤᠨ ᠥᠭᠡᠷ ᠤᠳ ᠢ ᠬᠠᠷᠢᠭᠤᠯᠬᠤ ᠭᠦᠮᠤᠨ ᠭᠠᠷᠭᠠᠬᠤ ᠳᠤᠬᠠᠢ ᠵᠦᠪᠳᠠᠵᠤ ᠡᠭᠢᠯᠡᠯ᠎ᠡ᠃

᠊᠊᠊᠊᠊᠊᠊᠊᠊᠊᠊᠊᠊᠊᠊ ᠠᠢ᠌ᠯ ᠤᠨ ᠥᠭᠡᠷ ᠤᠳ ᠢ ᠬᠠᠷᠢᠭᠤᠯᠬᠤ ᠭᠦᠮᠤᠨ ᠢ ᠣᠳᠤ ᠪᠠᠷ ᠭᠠᠷᠭᠠᠪᠠᠯ ᠳᠡᠭᠡᠷ᠎ᠡ ᠰᠢᠤ᠃

᠊᠊᠊᠊᠊᠊᠊᠊᠊᠊᠊᠊᠊᠊᠊ ᠭᠦᠷᠡᠯ ᠭᠤᠸᠠᠢ ᠪᠣᠯᠬᠤ ᠦᠭᠡᠶ ᠦᠦ︖ ᠨᠢᠭᠡ ᠳᠤ᠂ ᠠᠢ᠌ᠯ ᠤᠨ ᠥᠭᠡᠷ ᠤᠨ ᠳᠠᠷᠢᠶ᠎ᠠ ᠰᠥᠢᠦᠡᠭᠡᠭᠦ ᠶᠢ ᠬᠤᠷᠢᠭᠯᠠᠵᠤ ᠴᠢᠳᠠᠨ᠎ᠠ᠃ ᠬᠤᠶᠠᠷ ᠲᠤ᠂ ᠳᠡᠭᠦᠨ ᠳᠤ ᠪᠠᠰᠠ ᠵᠤᠭᠤᠰ ᠣᠯᠬᠤ ᠲᠤᠬᠢᠶᠠᠯ ᠣᠯᠭᠤᠵᠤ ᠭᠡᠷ ᠤᠨ ᠳᠠᠷᠤᠭᠠᠰᠤ ᠶᠢ ᠭᠦᠩᠭᠡᠷᠡᠭᠦᠯᠦᠨ᠎ᠡ᠃

᠊᠊᠊᠊᠊᠊᠊᠊᠊᠊᠊᠊᠊᠊᠊ ᠪᠣᠯᠬᠤ ᠭᠡᠵᠢ ᠦᠦ ᠳ᠋ᠠ︖ ᠪᠠᠰᠠ ᠯᠠ ᠦᠪᠡᠷ ᠤᠨ ᠮᠠᠯ ᠶᠢᠡᠨ ᠬᠠᠷᠢᠭᠤᠯᠤᠭᠰᠠᠨ ᠰᠢᠭ ᠥᠯᠢᠭᠡᠷ ᠡᠭᠦᠰᠭᠡᠪᠠᠯ ᠪᠣᠯᠠᠢ ᠪᠣᠯᠤᠨ᠎ᠠ᠃

᠊᠊᠊᠊᠊᠊᠊᠊᠊᠊᠊᠊᠊᠊᠊ ᠣᠳᠤ ᠣᠬᠠᠭᠠᠷᠠᠪᠠᠯ ᠣᠬᠠᠭᠠᠷᠠᠵᠤ ᠪᠣᠯᠤᠨ᠎ᠠ ᠰᠢᠳᠠ᠂ ᠳᠠᠢ᠌ᠮᠤ ᠶᠡᠭᠡ ᠶᠠᠷᠰᠢᠭ ᠳᠦᠪᠠᠭ᠌ ᠲᠤ ᠣᠷᠢᠶᠠᠭᠳᠠᠭᠰᠠᠨ ᠶᠤᠮ ᠴᠢᠨᠢ᠃

ᠶᠠᠷᠢᠯᠴᠠᠭᠠᠨ ᠤ ᠡᠴᠦᠰ ᠲᠤ ᠭᠦᠷᠡᠯ ᠶᠢᠡᠷ ᠠᠢ᠌ᠯ ᠤᠨ ᠥᠭᠡᠷ ᠤᠳ ᠢ ᠬᠠᠷᠢᠭᠤᠯᠤᠭᠤᠯᠬᠤ ᠰᠢᠢᠳᠪᠣᠷᠢ ᠭᠠᠷᠭᠠᠯ᠎ᠠ᠃

ᠨᠢᠭᠡ ᠭᠠᠷᠠᠭ ᠤᠨ ᠳᠠᠷᠠᠭᠠᠭᠢ ᠥᠷᠯᠦᠭᠡ᠂ ᠭᠦᠷᠡᠯ ᠤᠨ ᠪᠦᠰᠡᠭᠦᠢ ᠭᠡᠷᠡᠯ ᠭᠦᠭ᠍ᠰᠢᠨ᠂ ᠡᠪᠦᠭᠡᠨ ᠤ ᠪᠠᠨ ᠳᠤᠭᠰᠢᠨ ᠬᠠᠷ᠎ᠠ ᠳᠤ ᠬᠠᠶᠠᠭᠳᠠᠭᠰᠠᠨ ᠳᠤ ᠣᠴᠠᠭᠠᠷᠯᠠᠵᠤ ᠣᠠᠳᠤᠭᠤᠴᠠᠭᠰᠠᠨ ᠴᠤ ᠭᠠᠴᠠᠭ᠎ᠠ ᠶᠢᠨ ᠣᠳᠤᠷᠢᠤᠠᠬᠤ ᠪᠠᠭ ᠤᠨ ᠬᠠᠷᠠᠭᠠᠯᠵᠠᠯ ᠢ ᠪᠣᠳᠤᠵᠤ᠂ ᠠᠮᠢᠳᠤᠷᠠᠯ ᠶᠢᠡᠨ ᠥᠭᠡᠳᠡ ᠳᠠᠳᠠᠬᠤ ᠨᠢ ᠵᠦᠪ ᠭᠡᠮᠡᠨ ᠡᠷᠳᠡᠯᠡᠨ ᠪᠣᠰᠴᠠᠢ᠃ ᠭᠡᠪᠠᠴᠤ ᠰᠠᠢ᠌ᠨ ᠶᠠᠪᠣᠳᠠᠯ ᠳᠤ ᠰᠠᠭᠠᠤᠨ ᠣᠯᠠᠨ ᠭᠡᠳᠡᠭ᠍ᠴᠢᠯᠡᠨ ᠳᠠᠪᠢ ᠭᠠᠷᠤᠭᠰᠠᠨ ᠭᠠᠭᠴᠠ ᠪᠦᠰᠡᠭᠦᠢ ᠠᠢ᠌ᠯ ᠤᠨ ᠮᠠᠯ ᠢ ᠨᠢᠭᠡ ᠵᠠᠬ᠎ᠠ ᠡᠴᠡ ᠨᠢ ᠮᠠᠢ᠌ᠵᠢᠭᠢᠨᠠᠨ ᠬᠤᠷᠢᠶᠠᠵᠤ ᠪᠠᠢ᠌ᠳᠠᠯ᠎ᠠ ᠥᠭᠡᠳᠡ ᠡᠴᠡ ᠨᠢ ᠳᠤᠰ ᠭᠠᠴᠠᠭ᠎ᠠ ᠶᠢᠨ ᠬᠠᠢ ᠯᠦᠩ᠂ ᠬᠠᠢ ᠪᠣᠤ ᠠᠬ᠎ᠠ ᠳᠡᠭᠦᠤ ᠬᠤᠶᠠᠭᠤᠯᠠ ᠠᠢ᠌ᠯ ᠤᠨ ᠮᠠᠯ ᠢ ᠣᠯᠠᠭᠠᠨ ᠳᠤᠭᠤᠰᠤ ᠮᠠᠨᠠᠷᠠᠳᠠᠯ᠎ᠠ ᠳᠠᠭᠤᠭᠠᠤᠨ ᠢᠷᠡᠭᠦ ᠨᠢ ᠬᠠᠷᠠᠭᠳᠠᠵᠠᠢ᠃

ᠡᠳᠡᠨᠡᠢ᠌ᠭᠢ ᠭᠡᠵᠤ ᠠᠷᠪᠠᠭᠠᠤᠨ ᠵᠢᠯ ᠤᠨ ᠡᠮᠦᠨ᠎ᠡ᠂ ᠠᠪᠣ ᠨᠢ ᡁᠢ ᠭᠠᠩ ᠭᠢᠳᠠᠤᠨ ᠮᠤᠩᠭ᠋ᠤᠯ ᠤᠨ ᠬᠤᠭᠤᠷᠤᠠᠳᠤ ᠨᠢᠭᠡ ᠶᠠᠭᠤᠮ᠎ᠠ ᠱᠤᠯᠤᠭᠠᠨᠠᠴᠢᠬᠠᠭᠰᠠᠨ ᠬᠠᠷ᠎ᠠ ᠡᠪᠦᠭᠡᠨ ᠣᠯᠠᠨ ᠥᠡᠳᠡᠭᠡ ᠵᠤᠯᠵᠠᠭ᠎ᠠ ᠳᠠᠭᠠᠭᠤᠯᠴᠢᠬᠠᠰᠠᠨ᠂ ᠰᠤᠮᠤᠨ ᠳᠠᠷᠤᠭ᠎ᠠ ᠲᠡᠶ ᠣᠢ᠌ᠷ᠎ᠠ ᠲᠦᠷᠦᠯ ᠤᠨ ᠬᠠᠷᠢᠴᠠᠭ᠎ᠠ ᠪᠠᠷ ᠡᠨᠡ ᠨᠤᠳᠤᠭ ᠲᠤ ᠢᠷᠠᠵᠤ ᠰᠠᠭᠤᠷᠢᠰᠢᠵᠠᠢ᠃ ᠶᠠᠷᠤ ᠨᠢ ᠡᠨᠡ ᠡᠪᠦᠭᠡᠨ ᠭᠡᠵᠤ ᠠᠮᠢᠳᠤᠷᠠᠯ ᠳᠤ ᠣᠷᠭᠠᠨ ᠮᠤᠷᠢ ᠰᠢᠭ᠌ ᠰᠢ᠌ᠳᠦᠮᠡᠭ᠌᠂ ᠢᠮᠠᠭᠠᠨ ᠰᠠᠮᠨᠠᠭᠤᠷ ᠰᠢᠭ ᠬᠣᠢ᠌ᠬᠤᠷ ᠪᠠᠢ᠌ᠳᠠᠭ ᠡᠴᠡ ᠭᠡᠷᠡᠮ ᠬᠠᠰᠢᠶ᠎ᠠ ᠪᠠᠷᠢᠬᠤ᠂ ᠭᠡᠷ ᠰᠠᠷᠠᠪᠴᠢ ᠵᠠᠰᠠᠬᠤ᠂ ᠵᠢᠮᠢᠰ ᠤᠨ ᠮᠤᠳᠤ ᠳᠠᠷᠢᠬᠤ᠂ ᠨᠤᠭᠤᠭ᠎ᠠ ᠴᠠᠭ᠎ᠠ ᠬᠤᠳᠠᠯᠳᠤᠬᠤ ᠁ ᠵᠡᠷᠭᠡ ᠠᠵᠢᠯ ᠢ ᠭᠠᠷ ᠤᠨ ᠠᠯᠠᠭ᠎ᠠ ᠣᠷᠪᠠᠭᠤᠯᠬᠤ ᠮᠠᠳᠤ ᠠᠮᠵᠢᠭᠤᠯᠤᠭᠠᠤᠨ ᠪᠠᠢ᠌ᠳᠠᠭ᠃ ᠨᠢᠭᠡ ᠮᠡᠳᠡᠭᠦ ᠳᠤ ᠣᠯᠠᠭᠠᠨ ᠬᠤᠭᠤᠯᠠᠢ ᠳ᠋ᠤᠨᠢ ᠣᠷᠤᠬᠤ ᠭᠦᠨᠡᠰᠤ ᠦᠭᠡᠶ ᠪᠠᠢ᠌ᠭᠰᠠᠨ ᠭᠦᠮᠤᠨ ᠴᠢᠨᠢ ᠥᠭᠡᠭᠦ ᠳᠤᠰᠤ ᠶᠢ ᠪᠦᠭ᠍ᠰᠡ ᠪᠠᠷ ᠶᠢᠡᠨ ᠭᠠᠷᠳᠠᠯ᠎ᠠ ᠨᠤᠯᠭᠤ ᠪᠠᠶᠠᠵᠢᠵᠠᠢ᠃ ᠬᠤᠷᠴᠢᠨ ᠨᠤᠳᠤᠭ ᠤᠨ ᠳᠠᠷᠬᠠᠨ ᠪᠠᠢ᠌ᠭᠠᠯᠢ ᠥᠶ‍ᠦᠭ᠌ ᠨᠥᠮᠵᠦᠭ᠌ ᠰᠠᠤᠠᠭᠢᠯ ᠢᠪᠢᠯᠭᠡᠵᠤ ᠡᠭᠡ ᠶᠢᠨ ᠶᠤᠰᠤᠭᠠᠷ ᠨᠢᠭᠦᠯᠡᠰᠦᠩᠭᠦᠢ ᠮᠠᠯᠮᠠᠢ ᠳᠡᠭᠡᠨ ᠪᠠᠭᠳᠠᠭᠠᠨ ᠭᠦᠮᠤᠨ ᠠᠷᠠᠤᠨ ᠨᠢ ᠴᠤ ᠬᠠᠨᠢᠰᠠᠭ ᠵᠠᠩ ᠬᠠᠯᠠᠭᠤᠨ ᠡᠯᠢᠭᠡ ᠪᠠᠷ ᠬᠠᠠᠳᠤᠬᠤ ᠣᠴᠢᠷ ᠠᠮᠢᠳᠤᠷᠠᠯ ᠴᠤ ᠳᠠᠢ᠌ᠮᠤ ᠪᠠᠢ᠌ᠬᠤ ᠶᠤᠰᠤᠳᠠᠢ᠃

ᠭᠡᠷᠡᠯ ᠭᠦᠭ᠍ᠰᠢᠨ᠂ ᠬᠤᠶᠠᠷ ᠵᠠᠯᠠᠭᠤ ᠶᠢ ᠳᠤᠯᠵᠤ ᠢᠷᠡᠭᠦ ᠳᠤ ᠶᠠᠭᠤ ᠪᠣᠯᠵᠤ ᠪᠠᠢ᠌ᠭ᠎ᠠ ᠨᠢ ᠡᠨᠡ ᠪᠣᠢ ᠭᠡᠰᠡᠨ ᠰᠢᠭ᠌ ᠣᠳᠠᠳᠠᠯ᠎ᠠ ᠰᠢᠷᠳᠡᠭᠦ ᠳᠤ ᠡᠳᠡᠨᠦᠰ ᠢᠩᠭᠢᠭᠡᠤᠨ ᠯᠠ ᠮᠠᠯ ᠢ ᠮᠢᠨᠢ ᠪᠣᠯᠢᠶᠠᠴᠢᠬᠠᠨ᠎ᠠ ᠦᠦ︖ ᠭᠡᠭᠦ ᠰᠡᠷᠡᠮᠵᠢᠯᠡᠭ᠍ᠰᠡᠨ ᠰᠠᠨᠠᠭ᠎ᠠ ᠬᠠᠷᠠᠴᠠᠨ ᠳ᠋ᠤᠨᠢ ᠪᠦᠷᠢᠨ ᠠᠭᠤᠯᠤᠭᠳᠠᠵᠤ ᠪᠠᠢ᠌ᠯ᠎ᠠ᠃

᠊᠊᠊᠊᠊᠊᠊᠊᠊᠊᠊᠊᠊᠊᠊ ᠭᠡᠦᠭᠡᠤᠨ ᠤᠳ ᠮᠢᠨᠢ᠂ ᠳᠠ ᠨᠡᠷ ᠶᠠᠭᠠᠭᠢᠵᠤ ᠪᠠᠢ᠌ᠨ᠎ᠠ᠂ ᠭᠠᠴᠠᠭᠠᠨ ᠡᠴᠡ ᠮᠠᠨ ᠢ ᠬᠠᠷᠠ ᠭᠡᠰᠡᠨ ᠰᠢᠤ᠃

᠊᠊᠊᠊᠊᠊᠊᠊᠊᠊᠊᠊᠊᠊᠊ ᠡᠵᠢ ᠡ᠂ ᠭᠠᠴᠠᠭᠠᠨ ᠡᠴᠡ ᠳᠡᠭᠡᠵᠤ ᠭᠡᠯᠡᠭ᠍ᠰᠡᠨ ᠪᠣᠯᠪᠠᠴᠤ ᠠᠢ᠌ᠯ ᠤᠨ ᠭᠦᠮᠦᠰ ᠮᠠᠨ ᠶᠢᠡᠷ ᠬᠠᠷᠠᠭᠤᠯᠬᠤ ᠳᠤᠷᠠᠳᠠᠢ ᠰᠢᠤ᠃

᠊᠊᠊᠊᠊᠊᠊᠊᠊᠊᠊᠊᠊᠊᠊ ᠳᠡᠭᠡᠭᠡᠤᠨ ᠶᠠᠭᠠᠭᠢᠵᠤ ᠪᠣᠯᠬᠤ ᠪᠣᠢ︖ ᠭᠠᠴᠠᠭᠠᠨ ᠤ ᠣᠳᠤᠷᠢᠳᠤᠯᠭ᠎ᠠ ᠨᠡᠷ ᠤᠨ ᠵᠦᠪᠰᠢᠶᠠᠷᠠᠯ ᠦᠭᠡᠶ ᠪᠣᠯ ᠪᠣᠯᠬᠤ ᠦᠭᠡᠶ᠁

᠊᠊᠊᠊᠊᠊᠊᠊᠊᠊᠊᠊᠊᠊᠊ ᠡᠵᠡᠨ ᠨᠢ ᠳᠤᠷᠠᠳᠠᠢ ᠪᠣᠯ ᠠᠷᠭ᠎ᠠ ᠦᠭᠡᠶ ᠰᠢᠤ᠃ 《ᠡᠵᠡᠨ ᠤ ᠳᠤᠷ᠎ᠠ ᠪᠠᠷ᠂ ᠡᠯᠵᠢᠭᠡᠨ ᠤ ᠵᠢᠷᠤᠭ᠎ᠠ ᠪᠠᠷ᠃》 ᠭᠠᠴᠠᠭ᠎ᠠ ᠬᠤᠷᠢᠭᠯᠠᠵᠤ ᠳᠡᠢ᠌ᠯᠭᠦ ᠦᠭᠡᠶ᠁

ᠭᠡᠷᠡᠯ ᠭᠦᠭ᠍ᠰᠢᠨ ᠤ ᠠᠮᠢᠳᠤᠷᠠᠯ ᠶᠢᠡᠨ ᠥᠭᠡᠳᠡ ᠳᠠᠳᠠᠶ᠎ᠠ ᠭᠡᠵᠤ ᠰᠠᠶ‍ᠢᠬᠠᠨ ᠭᠦᠪᠦᠷᠡᠭ᠍ᠰᠡᠨ ᠢᠳᠡᠭᠡᠯ ᠤᠨ ᠰᠤᠶᠤᠭ᠎ᠠ ᠨᠢ ᠨᠢᠭᠡ ᠯᠠ ᠴᠠᠭ ᠤᠨ ᠭᠢᠷᠠᠭᠤ ᠳᠤ ᠳᠠᠭᠠᠷᠢᠭᠳᠠᠭᠰᠠᠨ ᠳᠤᠯᠠ ᠨᠢᠭᠡᠮᠰᠤᠨ ᠳᠤᠳᠤᠷ᠎ᠠ ᠡᠴᠡ ᠨᠢ ᠭᠠᠯ ᠰᠢᠳᠠᠵᠤ ᠡᠭᠢᠯᠡᠵᠡᠢ᠃

᠊᠊᠊᠊᠊᠊᠊᠊᠊᠊᠊᠊᠊᠊᠊ ᠪᠣᠯᠬᠤ ᠦᠭᠡᠶ᠂ ᠭᠦᠮᠤᠨ ᠢ ᠪᠢᠳᠡᠭᠡᠢ ᠳᠤᠤᠷ᠎ᠠ ᠦᠵᠡ᠂ ᠳᠠᠷᠤᠭ᠎ᠠ ᠨᠡᠷ ᠤᠨ ᠵᠥᠪᠯᠡᠯᠭᠡ ᠪᠠᠷ ᠮᠠᠨᠤᠰ ᠰᠠ‍‌ᠶᠢ ᠢᠩᠭᠢᠵᠤ ᠪᠠᠢ᠌ᠨ᠎ᠠ ᠭᠡᠤᠨ ᠭᠦᠭ᠍ᠰᠢᠨ ᠬᠠᠩᠭᠢᠨᠠᠭᠤᠯᠵᠤ ᠭᠠᠷᠤᠯ᠎ᠠ᠃ ᠬᠤᠶᠠᠷ ᠵᠠᠯᠠᠭᠤ᠄

᠊᠊᠊᠊᠊᠊᠊᠊᠊᠊᠊᠊᠊᠊᠊ ᠳᠡᠭᠡᠪᠠᠯ ᠪᠢᠳᠠ ᠣᠯᠠᠨ ᠤ ᠰᠠᠨᠠᠯ ᠢ ᠰᠤᠨᠤᠰᠤᠶ᠎ᠠ ᠭᠡᠵᠤ ᠭᠡᠯᠡᠭᠡᠤᠨ ᠠᠢ᠌ᠯ ᠵᠥᠭ᠌ ᠳᠠᠪᠭᠢᠭᠤᠯᠤᠨ ᠣᠤᠠᠪᠠ᠃

ᠪᠣᠷᠤ ᠳᠤᠭᠤᠰᠤ ᠪᠣᠵᠢᠭᠢᠨᠠᠭᠤᠯᠤᠨ ᠣᠳᠤᠭᠰᠠᠨ ᠮᠤᠷᠢᠳᠠᠤᠨ ᠤᠨ ᠬᠣᠢ᠌ᠨ᠎ᠠ ᠡᠴᠡ ᠠᠯᠮᠠᠢ᠌ᠷᠠᠨ ᠵᠤᠭᠰᠤᠭᠰᠠᠨ ᠭᠦᠭ᠍ᠰᠢᠨ᠂ ᠠᠢ︕ ᠭᠡᠵᠤ ᠣᠷᠳᠤᠬᠠᠨ ᠰᠡᠭᠦᠷᠡᠰᠦᠯᠡᠭ᠍ᠰᠡᠨ ᠪᠣᠯᠪᠠᠴᠤ ᠡᠨᠡ ᠵᠢᠯ ᠤᠨ ᠮᠠᠯ ᠬᠠᠷᠢᠭᠤᠯᠬᠤ ᠠᠳᠠᠯ ᠪᠢᠳᠡᠭᠡᠢ ᠯᠠ ᠰᠠᠭᠠᠳᠠᠬᠤ ᠪᠣᠯᠤᠭᠠᠰᠠᠢ ᠭᠡᠮᠡᠨ ᠠᠢ᠌ᠯ ᠤᠨ ᠮᠠᠯ ᠤᠳ ᠢ ᠪᠠᠯᠴᠢᠭᠡᠷ ᠲᠤ ᠭᠠᠷᠭᠠᠪᠠ᠃ ᠨᠤᠭᠤᠭᠠᠨ ᠤ ᠦᠨᠦᠷ ᠠᠪᠣᠭᠰᠠᠨ ᠥᠭᠡᠷ ᠤᠳ ᠠᠷᠠᠢ ᠴᠤᠬᠣᠢ᠌ᠨ ᠪᠠᠢ᠌ᠭ᠎ᠠ ᠨᠢᠯᠬ᠎ᠠ ᠡᠪᠠᠰᠤ ᠶᠢ ᠬᠤᠪᠳᠤᠭᠯᠠᠨ ᠬᠤᠪᠳᠤᠭᠯᠠᠨ ᠡᠮᠭᠦᠪᠠᠴᠤ ᠠᠮᠠᠨ ᠳ᠋ᠤᠨᠢ ᠳᠠᠮᠠᠢ ᠯᠠ ᠶᠠᠭᠤᠮ᠎ᠠ ᠣᠷᠤᠬᠤ ᠦᠭᠡᠶ ᠳᠤᠯᠠ ᠪᠠᠯᠴᠢᠭᠡᠷ ᠡᠷᠢᠨ ᠰᠢᠨᠤᠬᠠᠢ᠌ᠷᠠᠬᠤ ᠨᠢ ᠭᠡᠴᠡᠭᠦᠤ᠃ ᠭᠠᠬᠠᠢ ᠶᠠᠪᠠᠭᠠᠨ ᠭᠠᠭᠴᠠ ᠪᠦᠰᠡᠭᠦᠢ ᠭᠦᠮᠤᠨ ᠶᠤᠮᠰᠠᠠᠵᠠᠢ︕ ᠠᠢ᠌ᠯ ᠤᠨ ᠳᠦᠷᠪᠡ ᠳᠠᠪᠤᠨ ᠵᠠᠭᠤᠨ ᠥᠭᠡᠷ ᠢ ᠡᠷᠭᠢᠭᠦᠯᠭᠦ ᠭᠡᠭ᠍ᠴᠢ ᠪᠣᠤᠪᠣ ᠬᠠᠭᠠᠷᠢᠬᠤ ᠰᠢᠭ ᠪᠣᠯᠤᠮᠵᠢᠳᠠᠢ ᠠᠵᠤ ᠪᠢᠰᠢ ᠳ᠋ᠠ᠃ ᠨᠠᠩ ᠴᠤ ᠣᠤᠯ ᠡᠴᠡ ᠪᠠᠨ ᠰᠥᠷᠦᠭ᠌ ᠣᠠᠳᠤᠤ ᠥᠭᠡᠷ ᠤᠳ ᠦᠨᠦᠳᠤᠷ ᠤᠨ ᠲᠤᠬᠢᠶᠠᠯ ᠶᠢᠡᠷ ᠡ᠊ᠨᠳᠡ ᠳᠠᠭᠤᠭᠳᠠᠨ ᠠᠩᠬ᠎ᠠ ᠢᠵᠢᠯᠢᠳᠤᠨ ᠪᠠᠢ᠌ᠭ᠎ᠠ ᠶᠢᠨ ᠬᠠᠷᠠᠭ᠎ᠠ ᠪᠠᠷ ᠪᠣᠷᠤᠭᠤ ᠨᠤᠮᠳᠠᠨ ᠶᠢᠡᠨ ᠥᠵᠡᠭ᠍ᠰᠡᠨ ᠰᠢᠭ᠌ ᠵᠤᠵᠢᠭᠯᠠᠬᠤ ᠨᠢ ᠶᠠᠷᠢᠶᠠᠨ ᠦᠭᠡᠶ᠃ ᠠᠶ᠎ᠠ ᠥᠭᠡᠢ᠌ᠳᠡᠪᠠᠯ ᠳᠤᠷᠭᠠᠭᠤᠯᠵᠤ ᠪᠠᠷᠢᠭᠤᠯᠬᠤ ᠶᠢᠨ ᠳᠤᠤᠷ ᠠᠮᠢᠳᠤᠷᠠᠯ ᠤᠨ ᠪᠠᠷᠠᠭᠠᠨ ᠰᠡᠭᠦᠳᠡᠷ ᠰᠢᠭ᠌ ᠳᠠᠭᠠᠵᠤ ᠭᠡᠷᠡᠯ ᠭᠦᠭ᠍ᠰᠢᠨ ᠢ ᠪᠣᠷᠪᠢ ᠡᠴᠡ ᠨᠢ ᠪᠣᠷᠤ ᠰᠤᠯᠤᠩᠭ᠋᠎ᠠ ᠭᠠᠷᠳᠠᠯ᠎ᠠ ᠭᠦᠶ‍ᠦᠯᠭᠡᠯ᠎ᠡ ᠭᠡᠪᠠᠯ ᠨᠢᠭᠡ ᠯᠠ ᠥᠭᠡ᠃

ᠨᠠᠷᠠ ᠠᠭᠤᠯᠠ ᠶᠢᠨ ᠴᠠᠭᠠᠨ᠎ᠠ ᠳᠠᠯᠳᠠᠯᠠᠬᠤ ᠰᠢᠬᠠᠯ᠎ᠠ᠃ ᠡᠨᠡ ᠭᠦ ᠷᠢᠳᠢ ᠰᠢᠳᠢᠳᠤ ᠭᠠᠯ ᠪᠦᠮᠪᠦᠷᠴᠡᠭ᠌ ᠶᠠᠳᠠᠷᠠᠵᠤ ᠳᠣᠢ᠌ᠯᠳᠠᠭᠰᠠᠨ ᠡᠴᠦᠰ ᠤᠨ ᠬᠠᠷᠠᠴᠠ ᠪᠠᠷ ᠶᠢᠡᠨ ᠬᠤᠷᠴᠢᠨ ᠨᠤᠳᠤᠭ ᠢ ᠢᠪᠠᠭᠡᠨ ᠰᠢᠷᠳᠡᠭ᠍ᠰᠡᠭᠡᠷ ᠪᠠᠢ᠌ᠪᠠ᠃ ᠭᠡᠷᠡᠯ ᠭᠦᠭ᠍ᠰᠢᠨ ᠰᠥᠷᠦᠭ᠌ ᠡᠴᠡ ᠵᠠᠢ᠌ᠳᠠᠭᠰᠠᠨ ᠬᠠᠷ᠎ᠠ ᠳᠠᠷᠯᠠᠨ ᠪᠢᠷᠠᠭᠤ ᠶᠢ ᠡᠷᠭᠢᠭᠦᠯᠦᠭᠡᠤᠨ ᠨᠠᠰᠢᠯᠠᠬᠤ ᠳᠠᠭᠠᠨ ᠦᠯᠦᠨ ᠭᠡᠳᠡᠰᠤ ᠨᠢ ᠡᠰᠡᠷᠭᠦᠴᠡᠯ ᠳᠠᠯᠪᠢᠵᠤ ᠪᠠᠢ᠌ᠬᠤ ᠶᠢ ᠰᠠ‍‌ᠶᠢ ᠮᠠᠳᠠᠪᠠ᠃ ᠪᠢ ᠴᠢᠨᠢ ᠨᠢᠭᠡ ᠡᠳᠦᠷ ᠭᠡᠯᠡ ᠳᠡᠭᠡᠷ᠎ᠡ ᠪᠠᠨ ᠬᠤᠭᠤᠯᠠ ᠳᠠᠯᠪᠢᠭ᠎ᠠ ᠦᠭᠡᠶ ᠭᠦᠮᠤᠨ ᠰᠢᠤ ᠭᠡᠭᠦ ᠡᠴᠡ ᠳᠤᠳᠤᠷ᠎ᠠ ᠨᠢ ᠬᠠᠷᠠᠩᠭ᠋ᠣᠢ᠌ᠯᠠᠨ ᠶᠠᠳᠠᠷᠠᠵᠤ ᠪᠠᠢ᠌ᠬᠤ ᠪᠠᠨ ᠮᠠᠳᠠᠷᠠᠪᠠ᠃ ᠬᠠᠢ︕ ᠬᠠᠨ ᠠᠭᠤᠯᠠ ᠶᠢ ᠴᠠᠰᠤ ᠳᠠᠷᠤᠵᠤ ᠬᠠᠢ᠌ᠷᠠᠨ ᠪᠠᠶ᠎ᠠ ᠶᠢ ᠨᠠᠰᠤ ᠳᠠᠷᠤᠨ᠎ᠠ ᠭᠡᠳᠡᠭ᠌ ᠪᠢᠯᠢᠤ︖ ᠳᠠᠪᠢ ᠭᠠᠷᠬᠤ ᠶᠢᠨ ᠳᠠᠪᠢᠯᠠᠩ ᠳᠤ ᠣᠷᠢᠶᠠᠭᠳᠠᠨ ᠭᠡᠷᠡᠭ᠌ ᠡᠴᠡ ᠭᠠᠷᠤᠭᠰᠠᠨ ᠮᠤᠨᠤᠭ ᠪᠣᠯᠵᠤ ᠬᠤᠴᠤᠷᠤᠯ᠎ᠠ ᠳ᠋ᠠ ᠭᠡᠮᠡᠨ ᠪᠠᠶ᠎ᠠ ᠳᠡᠭᠡᠨ ᠭᠤᠮᠤᠷᠬᠠᠭᠰᠠᠨ ᠶᠢᠡᠨ ᠨᠤᠭᠤᠷᠠᠭᠰᠠᠨ ᠭᠦᠯ ᠶᠢᠡᠨ ᠵᠥᠭᠡᠭᠡᠯ᠎ᠡ᠃ ᠥᠭᠡᠷ ᠤᠨ ᠰᠥᠷᠦᠭ᠌ ᠴᠤ ᠠᠩᠬᠠᠨ ᠤ ᠭᠢ ᠪᠠᠨ ᠪᠣᠳᠤᠪᠠᠯ ᠢᠵᠢᠯᠢᠳᠦᠭᠦ ᠪᠠᠢ᠌ᠳᠠᠯ ᠳᠤ ᠨᠠᠯᠢᠶᠠᠤᠨ ᠵᠥᠭ᠍ᠰᠢᠷᠡᠵᠡᠢ᠃ ᠡᠨᠡ ᠦᠶᠡᠰ ᠶᠠᠷᠰᠢᠭ ᠳᠦᠪᠠᠭ᠌ ᠲᠡᠶ ᠭᠡᠭᠦ ᠠᠩᠬᠠᠨ ᠤ ᠪᠣᠳᠤᠯ ᠨᠢ ᠴᠤ ᠭᠦᠭ᠍ᠰᠢᠨ ᠤ ᠳᠤᠳᠤᠷ᠎ᠠ ᠡᠴᠡ ᠪᠦᠷᠢᠮᠦᠰᠤᠨ ᠠᠷᠢᠯᠵᠤ ᠠᠶᠠᠳᠠᠢ ᠰᠢᠭ ᠰᠠᠨᠠᠭᠳᠠᠵᠠᠢ᠃ ᠭᠡᠪᠠᠴᠤ ᠥᠷᠯᠦᠭᠡ ᠶᠢᠨ ᠶᠠᠪᠣᠳᠠᠯ ᠰᠠᠤᠠᠭᠢᠯ ᠳ᠋ᠤᠨᠢ ᠣᠷᠤᠵᠤ ᠢᠷᠡᠭᠦᠯᠡᠷ ᠪᠢᠳᠡᠭᠡᠢ ᠯᠠ ᠰᠠᠭᠠᠤᠨ ᠪᠣᠯᠤᠭᠠᠰᠠᠢ ᠭᠡᠵᠤ ᠬᠠᠠᠴᠤᠢ ᠳᠠᠭᠠᠨ ᠵᠠᠯᠪᠠᠷᠢᠨ᠎ᠠ᠃

ᠣᠷᠤᠢ᠂ ᠮᠠᠯ ᠣᠷᠤᠭᠤᠯᠬᠤ ᠴᠠᠭ ᠪᠣᠯᠤᠯ᠎ᠠ᠃ ᠥᠭᠡᠷ ᠤᠨ ᠰᠥᠷᠦᠭ᠌ ᠠᠢ᠌ᠯ ᠵᠥᠭ᠌ ᠠᠶᠠᠷᠬᠠᠨ ᠴᠢᠭᠯᠡᠪᠡ᠃ ᠭᠡᠷᠡᠯ ᠭᠦᠭ᠍ᠰᠢᠨ ᠠᠢ᠌ᠯ ᠳᠤ ᠣᠢ᠌ᠷᠠᠳᠬᠤ ᠭᠢᠷᠢ ᠬᠠᠢ ᠯᠦᠩ᠂ ᠭᠠᠴᠠᠭᠠᠨ ᠳᠠᠷᠤᠭ᠎ᠠ ᠰᠥᠭᠡ ᠲᠡᠶ ᠬᠠᠮᠳᠤ ᠭᠠᠷᠴᠤ ᠢᠷᠡᠭᠦ ᠲᠡᠶ ᠳᠠᠭᠠᠷᠠᠯᠳᠤᠪᠠ᠃ ᠣᠯᠠᠨ ᠶᠢᠡᠷ ᠶᠢᠡᠨ ᠥᠭᠡ ᠳᠠᠭᠤᠨ ᠦᠭᠡᠶ ᠭᠡᠰᠡᠭ᠌ ᠣᠳᠠᠯ᠎ᠠ᠃ ᠳᠡᠭᠡᠭ᠍ᠰᠡᠨ ᠶᠢᠡᠨ ᠰᠥᠭᠡ ᠥᠭᠡ ᠡᠭᠦᠰᠭᠡᠨ᠄

᠊᠊᠊᠊᠊᠊᠊᠊᠊᠊᠊᠊᠊᠊᠊ ᠪᠠᠷᠭᠡᠨ ᠡ᠂ ᠣᠯᠠᠨ ᠲᠦᠮᠡᠨ ᠭᠦᠷᠡᠯ ᠠᠬ᠎ᠠ ᠪᠠᠷ ᠮᠠᠯ ᠶᠢᠡᠨ ᠬᠠᠷᠠᠭᠤᠯᠬᠤ ᠳᠤᠷ᠎ᠠ ᠥᠭᠡᠢ ᠪᠠᠢ᠌ᠨ᠎ᠠ᠂ ᠳᠡᠭᠦᠨ ᠢ ᠳᠠᠩᠴᠢ ᠪᠠᠳᠤᠯᠠᠭ᠎ᠠ ᠦᠭᠡᠶ ᠭᠡᠵᠤ ᠪᠣᠢ ᠭᠡᠮᠡᠨ ᠳᠠᠢ᠌ᠯᠪᠣᠷᠢᠯᠠᠨ ᠭᠡᠯᠡᠪᠡ᠃

ᠭᠡᠷᠡᠯ ᠭᠦᠭ᠍ᠰᠢᠨ ᠶᠠᠭᠤ ᠴᠤ ᠳᠤᠤᠭᠠᠷᠤᠭᠰᠠᠨ ᠦᠭᠡᠶ᠃ ᠴᠤᠬᠤᠮ ᠭᠤᠮᠤᠳᠠᠯ ᠶᠤᠮ ᠦᠦ︖ ᠠᠭᠤᠷ ᠬᠤᠷᠤᠰᠤᠯ ᠶᠤᠮ ᠦᠦ ︖ ᠪᠣᠤ ᠮᠠᠳᠠ᠃ ᠶᠠᠭᠤ ᠴᠤ ᠭᠡᠰᠡᠨ ᠦᠪᠡᠷ ᠳᠤᠨᠢ ᠴᠤ ᠦᠯᠦ ᠣᠢ᠌ᠯᠠᠭᠠᠭᠳᠠᠬᠤ ᠨᠢᠭᠡ ᠵᠣᠢ᠌ᠯ ᠤᠨ ᠰᠡᠳᠬᠢᠯᠭᠡ ᠶᠢᠨ ᠣᠷᠤᠰᠬᠠᠯ ᠪᠣᠷᠤ ᠵᠢᠷᠦᠭᠡ ᠶᠢᠨ ᠭᠢᠨᠢ ᠣᠭ ᠡᠴᠡ ᠪᠣᠷᠭᠢᠯᠤᠨ ᠭᠠᠷᠴᠤ ᠡᠴᠦᠰ ᠲᠡᠭᠡᠨ ᠨᠢᠯᠪᠣᠰᠤ ᠪᠣᠯᠤᠨ ᠮᠠᠯᠮᠠᠷᠠᠪᠠ᠃ ᠳᠠᠷᠠ ᠭᠡᠷ ᠵᠥᠭ᠌ ᠶᠢᠡᠨ ᠭᠡᠯᠳᠦᠷᠢᠯ᠎ᠡ᠃ ᠭᠤᠷᠪᠠᠨ ᠳᠠᠰᠤᠯᠭ᠎ᠠ ᠪᠠᠢ᠌ᠰᠢᠩ ᠨᠢ ᠡᠯᠡᠢ ᠬᠤᠯᠠᠢ᠃ ᠭᠡᠦᠭᠡᠨ ᠥᠭᠡᠳᠡᠩ ᠨᠢ ᠭᠡᠷ ᠲᠡᠭᠡᠨ ᠪᠠᠢ᠌ᠭᠰᠠᠨ ᠪᠣᠯ ᠠᠳᠠᠭ ᠲᠠᠭᠠᠨ ᠬᠤᠭᠤᠯᠠ ᠪᠠᠵᠠᠭᠠᠵᠤ ᠡᠵᠢ ᠪᠠᠨ ᠭᠦᠯᠢᠶᠡᠵᠤ ᠪᠠᠢ᠌ᠬᠤ ᠦᠭᠡᠶ ᠦᠦ︖ ᠭᠡᠳᠡᠯ᠎ᠡ ᠭᠦᠷᠡᠯ ᠡᠪᠦᠭᠡᠨ ᠡᠭᠡᠭᠡ ᠯᠠ ᠭᠦᠷᠡᠯ ᠶᠢᠡᠷ ᠴᠢᠤᠠᠬᠤᠭᠰᠠᠨ ᠰᠢᠤᠬᠠᠨ ᠬᠠᠠᠵᠤᠨ ᠳᠡᠭᠡᠷ᠎ᠡ ᠪᠠᠨ ᠭᠦᠯᠢᠷᠡᠨ᠎ᠡ᠃

ᠭᠡᠷᠡᠯ ᠪᠣᠭᠢᠨᠢᠳᠤᠭᠰᠠᠨ ᠰᠡᠳᠬᠢᠯᠭᠡ ᠶᠢᠨ ᠠᠭᠤᠷ ᠣᠴᠠᠭᠠᠷ ᠶᠢᠡᠨ ᠬᠠᠷ᠎ᠠ ᠭᠦᠮᠤᠨ ᠳᠡᠭᠡᠨ ᠭᠠᠷᠭᠠᠶ᠎ᠠ ᠭᠡᠰᠡᠨ ᠪᠣᠯᠪᠠᠴᠤ ᠭᠦᠷᠡᠯ ᠤᠨ ᠠᠷᠢᠭᠢᠨ ᠡᠴᠡ ᠪᠣᠯᠵᠤ ᠭᠦᠭᠡᠷᠡᠭ᠍ᠰᠡᠨ ᠵᠢᠭᠡᠭᠦᠨ ᠭᠦᠭᠡ ᠴᠢᠷᠠᠢ᠂ ᠠᠷᠢᠭᠢ ᠶᠢ ᠯᠠ ᠭᠦᠰᠡᠭᠦ ᠣᠯᠠᠭᠠᠨ ᠰᠤᠳᠠᠰᠤ ᠪᠦᠷᠭᠦᠭ᠍ᠰᠡᠨ ᠨᠢᠳᠤ ᠬᠤᠶᠠᠷ ᠨᠢ ᠳᠡᠭᠦᠨ ᠳᠤ ᠥᠭᠡ ᠭᠡᠯᠡᠭᠦ ᠨᠢ ᠡᠯᠵᠢᠭᠡᠨ ᠳᠤ ᠭᠦᠭ᠍ᠵᠢᠮ ᠡᠷᠭᠦᠭ᠍ᠰᠡᠨ ᠰᠢᠭ᠌ ᠪᠣᠳᠤᠭᠳᠠᠭᠤᠯᠤᠨ ᠣᠷᠤᠭᠤᠯ ᠨᠢ ᠳᠠᠳᠠᠪᠠᠯᠵᠠᠭᠰᠠᠨ ᠡᠴᠡ ᠪᠢᠰᠢ ᠶᠠᠭᠤ ᠴᠤ ᠭᠡᠯᠡᠵᠤ ᠴᠢᠳᠠᠭᠰᠠᠨ ᠦᠭᠡᠶ᠃

ᠭᠦᠷᠡᠯ ᠭᠡᠵᠤ ᠠᠷᠢᠭᠢᠨ ᠪᠣᠳᠠᠩ ᠳᠤ ᠣᠷᠤᠴᠢᠬᠠᠭᠠᠤᠨ ᠪᠠᠰᠠ ᠠᠷᠢᠭᠢ ᠠᠪᠣᠨ᠎ᠠ ᠭᠡᠵᠤ ᠬᠠᠰᠭᠢᠷᠳᠠᠭ ᠡᠷ᠎ᠡ ᠡ︕ ᠠᠷᠪᠠᠭᠠᠤᠨ ᠬᠤᠨᠤᠭ ᠤᠨ ᠡᠮᠦᠨ᠎ᠡ ᠦᠬᠢᠨ ᠥᠭᠡᠳᠡᠩ ᠨᠢ ᠠᠢ᠌ᠯ ᠤᠨ ᠵᠠᠯᠠᠭᠤ ᠲᠡᠶ ᠣᠷᠤᠭ ᠳᠤᠭᠳᠠᠭᠰᠠᠨ ᠬᠠᠳᠠᠭ ᠤᠨ ᠬᠤᠷᠢᠮ ᠭᠢᠵᠤ ᠠᠷᠢᠭᠢ ᠣᠤᠭᠤᠯᠭᠠᠵᠠᠢ᠃ ᠡᠨᠡ ᠨᠢ ᠬᠠᠷ᠎ᠠ ᠭᠡᠷ ᠲᠡᠭᠡᠨ ᠬᠤᠷᠭᠤᠳᠠᠭᠰᠠᠨ ᠭᠦᠷᠡᠯ ᠢ ᠬᠠᠭ᠎ᠠ ᠪᠠᠶᠠᠷᠯᠠᠭᠤᠯᠵᠤ ᠵᠥᠭ᠌ ᠲᠡᠶ ᠥᠭᠡ ᠶᠢ ᠨᠢᠭᠡ ᠣᠯᠵᠤ ᠭᠡᠯᠡᠭ᠍ᠰᠡᠨ ᠦᠭᠡᠶ ᠪᠣᠯᠪᠠᠴᠤ ᠵᠦᠩᠰᠠ ᠲᠡᠶ ᠠᠷᠢᠭᠢ ᠶᠢ ᠨᠢ ᠭᠡᠳᠤᠨ ᠡᠳᠦᠷ ᠬᠤᠠᠳᠠᠭ᠎ᠠ ᠳᠠᠯᠪᠢᠯ ᠦᠭᠡᠶ ᠭᠦᠵᠡᠭᠡᠯᠡᠵᠤ ᠰᠠᠭᠤᠵᠠᠢ᠃ ᠳᠡᠭᠡᠭᠦ ᠪᠠᠷ ᠠᠷᠢᠭᠢᠳᠠᠭᠠᠤᠨ ᠯᠠ ᠵᠤᠭᠰᠤᠳᠠᠭ ᠪᠢᠰᠢ ᠠᠮᠠᠨ ᠳᠠᠭᠠᠨ ᠣᠷᠤᠭᠰᠠᠨ ᠪᠦᠭᠦᠨ ᠶᠢᠡᠨ ᠳᠤᠷ᠎ᠠ ᠪᠠᠷ ᠶᠢᠡᠨ ᠴᠠᠯᠴᠢᠳᠠᠭ ᠠᠪᠣ ᠶᠢᠨ ᠬᠠᠯᠠ ᠳᠤ ᠦᠬᠢᠨ ᠥᠭᠡᠳᠡᠩ ᠨᠢ ᠨᠢᠭᠡᠮᠦᠰᠤᠨ ᠬᠠᠰᠢᠷᠠᠬᠤ ᠳᠠᠭᠠᠨ ᠠᠵᠢᠯ ᠣᠯᠵᠤ ᠭᠢᠭᠦ ᠪᠠᠷ ᠭᠠᠳᠠᠭᠰᠢ ᠭᠠᠷᠴᠠᠢ᠃ ᠭᠡᠷᠡᠯ ᠤᠨ ᠬᠤᠪᠢ ᠳᠤ ᠠᠷᠢᠭᠢ ᠭᠡᠪᠠᠯ ᠵᠢᠷᠦᠭᠡ ᠪᠠᠨ ᠭᠠᠷ ᠲᠠᠭᠠᠨ ᠠᠳᠬᠤᠨ᠎ᠠ᠂ ᠠᠯᠢ ᠴᠢᠳᠠᠬᠤ ᠪᠠᠷ ᠪᠠᠭ᠎ᠠ ᠰᠠᠭ᠎ᠠ ᠠᠷᠢᠭᠢ ᠣᠯᠳᠠᠬᠤ ᠪᠠᠷ ᠭᠦᠷᠡᠯ ᠡᠴᠡ ᠨᠢᠭᠤᠨ ᠭᠠᠵᠠᠷ ᠪᠣᠯᠠᠬᠤ ᠪᠣᠶᠤ ᠣᠭᠤᠳᠠ ᠲᠡᠶ ᠪᠣᠳᠠᠭᠠᠨ ᠳᠤ ᠭᠢᠵᠤ ᠳᠠᠯᠪᠢᠨ᠎ᠠ᠃ ᠭᠡᠳᠡᠯ᠎ᠡ ᠠᠷᠢᠭᠢᠨ ᠡᠷᠢᠯᠴᠢᠨ ᠭᠦᠷᠡᠯ ᠳᠤ ᠠᠪᠴᠤ ᠭᠡᠯᠡᠪᠠᠯ ᠰᠤᠷᠢᠠᠵᠢᠨ ᠳᠤ ᠳᠠᠳᠠᠭᠳᠠᠭᠰᠠᠨ ᠵᠡᠭᠦᠤ ᠭᠡᠮᠡᠷ ᠠᠮᠠᠷᠬᠠᠨ ᠡᠷᠢᠵᠤ ᠣᠯᠤᠭᠠᠤᠨ ᠬᠠᠠᠳᠠᠯ᠎ᠠ ᠣᠤᠭᠤᠵᠤ ᠣᠳᠤ ᠥᠭᠦᠭ᠍ᠰᠡᠨ ᠠᠮᠢᠳᠤ ᠶᠢᠨ ᠬᠤᠭᠤᠷᠤᠠᠳᠤᠭᠢ ᠶᠠᠭᠤᠮ᠎ᠠ ᠪᠣᠯᠵᠤ ᠭᠦᠯᠢᠷᠡᠵᠤ ᠪᠠᠢ᠌ᠬᠤ ᠦᠭᠡᠶ ᠦᠦ᠃

ᠪᠦᠰᠡᠭᠦᠢ᠂ ᠪᠦᠰᠡᠭᠦᠢ ᠶᠢᠨ ᠵᠠᠶᠠᠭ᠎ᠠ ᠭᠡᠵᠢ ᠳ᠋ᠠ︕ ᠭᠦᠢᠳᠡᠨ ᠴᠡᠪᠳᠡᠭ᠌ ᠰᠠᠤᠠᠭᠢᠯᠳᠤ ᠬᠠᠷ᠎ᠠ ᠭᠦᠮᠤᠨ ᠤ ᠭᠠᠷ ᠲᠤ ᠳᠠᠷᠠᠴᠢᠯᠠᠨ ᠭᠦᠷᠦᠰᠦᠳᠤ ᠶᠢᠨ ᠠᠮᠢᠳᠤᠷᠠᠯ ᠡᠴᠡ ᠣᠢ᠌ᠳᠤᠭᠰᠠᠨ ᠴᠤ ᠭᠦᠢᠰᠤᠨ ᠡᠴᠡ ᠨᠢ ᠳᠠᠳᠠᠯᠳᠤᠬᠤ ᠭᠡᠳᠤᠨ ᠭᠡᠦᠭᠡᠤᠨ ᠭᠡᠵᠤ ᠪᠠᠢ᠌ᠳᠠᠭ ᠳᠤᠯᠠ ᠭᠦᠯ ᠠᠯᠳᠠᠬᠤ ᠶᠢ ᠯᠠ ᠭᠢᠴᠢᠶᠠᠨ᠎ᠠ᠂ ᠭᠦᠯᠢᠴᠡᠩᠭᠦᠢ ᠡᠮ᠎ᠡ ᠭᠦᠢᠰᠦᠳᠡᠨ ᠨᠢ ᠡᠷ᠎ᠡ ᠭᠦᠢᠰᠦᠳᠡᠨ ᠳᠡᠭᠡᠨ ᠡᠷᠭᠡᠰᠢᠶᠡᠭ᠍ᠳᠡᠭ᠍ᠰᠡᠨ ᠡᠯᠡᠷ ᠪᠠᠯᠠᠷ ᠦᠵᠡᠯ ᠰᠤᠷᠳᠠᠬᠤᠨ ᠬᠤᠷᠢᠳᠤᠭᠠᠷ ᠵᠠᠭᠤᠨ ᠤ ᠰᠡᠭᠦᠯᠴᠢ ᠪᠠᠷ ᠮᠤᠩᠭ᠋ᠤᠯ ᠨᠤᠳᠤᠭ ᠤᠨ ᠪᠣᠢ᠌ᠳᠠ ᠭᠠᠵᠠᠷ ᠣᠷᠤᠰᠢᠭᠰᠠᠭᠠᠷ ᠪᠠᠢ᠌ᠭ᠎ᠠ ᠨᠢ ᠮᠦᠨ ᠴᠤ ᠪᠣᠯᠠᠢ ᠲᠡᠶ ᠶᠠᠪᠣᠳᠠᠯ ᠡ᠃

ᠭᠡᠷᠡᠯ ᠭᠦᠭ᠍ᠰᠢᠨ ᠳᠤ ᠥᠩᠭᠡᠷᠡᠭ᠍ᠰᠡᠨ ᠤ ᠠᠮᠢᠳᠤᠷᠠᠯ ᠨᠢ ᠪᠣᠳᠤᠭᠳᠠᠪᠠ᠃ 《ᠠᠮᠢᠳᠤᠷᠠᠯ ᠳᠤ ᠭᠦᠡᠳᠤ ᠬᠠᠳᠠᠭᠤ ᠭᠦᠳᠡᠯᠮᠦᠷᠢ ᠪᠠᠢ᠌ᠳᠠᠭ ᠴᠤ ᠬᠠᠯᠠᠭᠤᠨ ᠪᠦᠯᠢᠶᠡᠨ ᠭᠡᠷ ᠪᠦᠯᠢ ᠶᠢᠨ ᠢᠯᠴᠢᠨ ᠳᠤ ᠨᠤᠭᠤᠷᠠᠬᠤ ᠶᠤᠰᠤᠳᠠᠢ᠂ ᠭᠦᠮᠤᠨ ᠳᠤ ᠰᠠᠤᠠᠭᠢᠯ ᠶᠢᠡᠷ ᠶᠢᠡᠨ ᠣᠨᠠᠬᠤ ᠵᠤᠪᠠᠯᠠᠩ ᠡᠴᠡ ᠥᠭᠡᠷ᠎ᠡ ᠭᠡᠴᠡᠭᠦᠤ ᠶᠠᠭᠤᠮ᠎ᠠ ᠪᠠᠢ᠌ᠳᠠᠭ ᠭᠡᠵᠢ ᠦᠦ︖》 ᠳᠡᠭᠦᠨ ᠤ ᠢᠩᠭᠢᠵᠤ ᠪᠣᠳᠤᠬᠤ ᠨᠢ ᠵᠣᠢ᠌ᠳᠠᠢ᠃ ᠭᠡᠷᠡᠯ ᠠᠬ᠎ᠠ ᠳᠡᠭᠦᠤ ᠠᠷᠪᠠᠭᠤᠯᠠ ᠶᠢᠨ ᠣᠤᠭᠠᠨ ᠨᠢ ᠪᠣᠯᠵᠤ ᠠᠪᠣ ᠡᠵᠢ ᠶᠢᠨ ᠶᠢᠡᠨ ᠮᠠᠩᠨᠠᠢ ᠶᠢ ᠳᠡᠨᠢ᠌ᠯᠭᠡᠵᠤ ᠮᠠᠠᠳᠤᠯᠠᠵᠠᠢ᠃ ᠨᠤᠳᠤᠭ ᠲᠠᠭᠠᠨ ᠨᠤᠮ ᠰᠤᠳᠤᠷ ᠲᠡᠶ ᠭᠡᠭ᠍ᠳᠡᠭᠦ ᠴᠥᠭᠡᠨ ᠳᠤᠭᠠᠳᠠᠨ ᠤ ᠨᠢᠭᠡ ᠪᠣᠯᠬᠤ ᠠᠪᠣ ᠶᠢᠨ ᠶᠢᠡᠨ ᠣᠬᠠᠭᠠᠨ ᠰᠠᠨᠠᠭ᠎ᠠ᠂ ᠬᠠᠢ᠌ᠷ᠎ᠠ ᠰᠤᠷᠭᠠᠯ ᠳᠤᠤᠷ᠎ᠠ ᠳᠠᠷᠠ ᠪᠠᠯᠴᠢᠷ ᠨᠠᠰᠤ ᠪᠠᠨ ᠥᠩᠭᠡᠷᠡᠭᠡᠭ᠍ᠰᠡᠨ ᠪᠣᠯᠪᠠᠴᠤ ᠠᠪᠣ ᠡᠵᠢ ᠶᠢᠨ ᠭᠢᠨᠢ ᠪᠠᠶ᠎ᠠ ᠮᠠᠭᠤ᠂ ᠳᠠᠷᠠᠭ᠎ᠠ ᠳᠠᠷᠠᠭᠠᠪᠠᠷ ᠳᠤᠭᠤᠰᠤᠳᠤ ᠶ‍ᠢᠷᠳᠢᠠᠴᠤ ᠳᠤ ᠠᠩᠭ᠋ᠠᠯᠵᠠᠵᠤ ᠢᠷᠡᠭ᠍ᠰᠡᠨ ᠨᠢ᠋ᠮᠠ ᠶ‍ᠢᠰᠤᠨ ᠳᠡᠭᠦᠦᠨᠡᠷ ᠲᠡᠭᠡᠨ ᠣᠶᠠᠭᠳᠠᠨ ᠡᠷᠳᠡ ᠠᠮᠢᠳᠤᠷᠠᠯ ᠳᠤ ᠬᠠᠳᠠᠭᠤᠵᠢᠵᠤ᠂ ᠪᠠᠭ᠎ᠠ ᠵᠠᠯᠠᠭᠤ ᠨᠠᠰᠤ ᠪᠠᠨ ᠭᠦᠡᠳᠤ ᠭᠦᠳᠡᠯᠮᠦᠷᠢ ᠶᠢᠨ ᠳᠤᠮᠳᠠ ᠥᠩᠭᠡᠷᠡᠭᠦᠯᠪᠡ᠃ ᠨᠠᠮᠤᠷ ᠤᠨ ᠰᠦᠨᠢ ᠶᠢᠨ ᠳᠡᠷᠭᠡᠯ ᠰᠠᠷᠠᠨ ᠤ ᠳᠤᠤᠷ᠎ᠠ ᠠᠯᠢᠰᠤ ᠳᠡᠭᠡᠭᠡᠵᠤ ᠶᠠᠳᠠᠷᠠᠵᠤ ᠶᠠᠪᠣᠭᠰᠠᠨ ᠴᠤ᠂ ᠵᠤᠨ ᠤ ᠬᠠᠯᠠᠭᠤᠨ ᠴᠠᠭ ᠲᠤ ᠬᠤᠨᠢ ᠬᠠᠷᠢᠭᠤᠯᠵᠤ ᠠᠩᠭ᠋ᠠᠵᠤ ᠭᠦᠶ‍ᠦᠭ᠍ᠰᠡᠨ ᠴᠤ ᠬᠤᠷᠴᠢᠨ ᠨᠤᠳᠤᠭ᠂ ᠮᠠᠯᠵᠢᠬᠤ ᠠᠮᠢᠳᠤᠷᠠᠯ ᠨᠢ ᠳᠡᠭᠦᠨ ᠳᠤ ᠬᠠᠮᠤᠭ ᠵᠢᠷᠭᠠᠯ ᠲᠡᠶ ᠰᠠᠨᠠᠭᠳᠠᠨ ᠠᠮᠢᠳᠤᠷᠠᠯ ᠳᠠᠭᠠᠨ ᠢᠳᠡᠭᠡᠯ ᠳᠦᠭᠦᠷᠡᠩ ᠪᠠᠶᠠᠷ ᠪᠠᠬᠠᠳᠤᠯ ᠲᠡᠶ ᠪᠠᠢ᠌ᠯ᠎ᠠ᠃ ᠬᠤᠷᠢ ᠭᠦᠷᠴᠤ ᠬᠤᠩᠭ᠋ᠤᠨ ᠳᠠᠭᠠᠨ ᠳᠤᠯᠵᠤ ᠢᠷᠡᠭᠦ ᠪᠠᠷ ᠭᠡᠷᠡᠯ ᠵᠢᠰᠦᠯᠢᠭ᠌ ᠣᠬᠠᠭᠠᠯᠢᠭ ᠮᠥᠷᠳᠡᠭᠡᠨ ᠠᠵᠢᠯᠴᠢ ᠭᠦᠳᠡᠯᠮᠦᠷᠢᠴᠢ ᠪᠠᠷ ᠶᠢᠡᠨ ᠭᠡᠦᠭᠡᠡᠴᠦᠳ ᠤᠨ ᠳᠤᠮᠳᠠ ᠣᠳᠤ ᠰᠢᠭ᠌ ᠭᠢᠯᠠᠷᠠᠵᠤ ᠦᠶ᠎ᠡ ᠵᠡᠷᠭᠡ ᠶᠢᠨ ᠵᠠᠯᠠᠭᠤᠴᠤᠳ ᠤᠨ ᠠᠩᠬᠠᠷᠤᠯ ᠢ ᠳᠠᠳᠠᠵᠠᠢ᠃ ᠭᠡᠪᠠᠴᠤ ᠣᠯᠠᠨ ᠠᠷᠪᠢᠨ ᠳᠡᠭᠦᠦᠨᠡᠷ ᠤᠨ ᠶᠢᠡᠨ ᠳᠤᠳᠤᠷ᠎ᠠ ᠡᠴᠡ ᠶᠠᠭᠠᠭᠢᠭᠰᠠᠨ ᠴᠤ ᠪᠢᠴᠢᠭ᠌ ᠲᠡᠶ ᠭᠦᠮᠤᠨ ᠭᠡᠳᠤ ᠶᠢ ᠭᠦᠮᠦᠵᠢᠭᠦᠯᠦᠨ᠎ᠡ ᠭᠡᠤᠨ ᠣᠷᠤᠭ ᠤᠨ ᠣᠴᠢᠷ ᠢ ᠶᠠᠭ ᠬᠠᠯᠠᠭᠠᠭᠰᠠᠨ ᠦᠭᠡᠶ᠃

《ᠢᠰᠡᠭᠡᠢ ᠰᠤᠠᠵᠤ ᠡᠷ᠎ᠡ ᠥᠰᠳᠡᠭ᠌᠃》 ᠭᠡᠷᠡᠯ ᠤᠨ ᠬᠠᠢ᠌ᠷ᠎ᠠ ᠬᠠᠯᠠᠮᠵᠢᠯᠠᠯ᠂ ᠦᠪᠡᠷ ᠤᠨ ᠭᠢᠨᠢ ᠴᠢᠷᠮᠠᠢ᠌ᠯᠭ᠎ᠠ ᠪᠠᠷ ᠨᠤᠭᠤᠰᠤᠨ ᠳᠡᠭ᠍ᠳᠡᠭᠡᠭᠡᠢ ᠰᠢᠭ᠌ ᠠᠩᠭ᠋ᠠᠯᠵᠠᠵᠤ ᠪᠠᠢ᠌ᠭᠰᠠᠨ ᠳᠡᠭᠦᠦᠨᠡᠷ ᠨᠢ ᠣᠳᠠᠯ ᠦᠭᠡᠶ ᠡᠷ᠎ᠡ ᠶᠢᠨ ᠴᠡᠭᠡᠯ ᠳᠤ ᠭᠦᠷᠦᠯ᠎ᠡ᠃ ᠭᠡᠳᠤᠨ ᠳᠡᠭᠦᠤ ᠨᠢ ᠪᠠᠭᠰᠢ ᠶᠢᠨ ᠠᠵᠢᠯ ᠣᠯᠵᠤ ᠭᠢᠵᠠᠢ᠃ ᠳᠡᠭᠡᠭᠡᠤᠨ ᠳᠠᠷᠠ ᠬᠤᠷᠢᠨ ᠳᠤᠯᠤᠭᠠᠨ ᠨᠠᠰᠤᠨ ᠤ ᠪᠠᠨ ᠡᠪᠦᠯ ᠭᠦᠷᠰᠢ ᠨᠤᠳᠤᠭ ᠤᠨ ᠰᠠᠶ‍ᠢᠬᠠᠨ ᠴᠡᠷᠢᠭ᠌ ᠡᠴᠡ ᠬᠠᠯᠠᠭᠳᠠᠵᠤ ᠢᠷᠡᠭ᠍ᠰᠡᠨ ᠭᠦᠷᠡᠯ ᠲᠡᠶ ᠠᠢ᠌ᠯ ᠭᠡᠷ ᠪᠣᠯᠤᠯᠴᠠᠨ ᠭᠤᠯᠤᠮᠳᠠ ᠶᠢᠨ ᠵᠡᠭᠦᠡᠳᠡᠢ ᠨᠢ ᠪᠦᠰᠡᠭᠦᠢ ᠶᠢᠨ ᠶᠤᠰᠤᠭᠠᠷ ᠴᠤᠮᠴᠣᠢ᠌ᠯ᠎ᠠ᠃ ᠳᠠᠷᠠ ᠦᠶ᠎ᠡ ᠶᠢᠨ ᠭᠦᠷᠡᠯ ᠭᠡᠵᠤ ᠮᠦᠨ ᠭᠤᠶᠤ ᠵᠠᠯᠠᠭᠤ ᠪᠠᠢ᠌ᠵᠠᠢ᠃ ᠲᠦᠷᠦᠯᠭᠢ ᠵᠢᠰᠦᠯᠢᠭ᠌ ᠳᠡᠭᠡᠷ᠎ᠡ ᠪᠠᠨ ᠴᠡᠷᠢᠭ᠌ ᠲᠤ ᠶᠠᠪᠣᠵᠤ ᠨᠢᠳᠤ ᠨᠡᠭᠡᠭᠡᠨ ᠬᠠᠷᠠᠭ᠎ᠠ ᠳᠡᠯᠡᠭ᠍ᠰᠡᠨ ᠶᠢᠡᠷ ᠣᠢ᠌ᠷ᠎ᠠ ᠬᠠᠪᠢ ᠳᠠᠭᠠᠨ ᠬᠤᠤᠰ ᠦᠭᠡᠶ ᠵᠠᠯᠠᠭᠤ ᠪᠣᠯᠵᠠᠢ᠃ ᠳᠠᠳᠠ ᠬᠤᠶᠠᠭᠤᠯᠠ ᠣᠰᠤᠨ ᠤ ᠯᠢᠩᠭᠸ᠎ᠠ ᠰᠢᠭ ᠪᠠᠳᠮᠠᠯᠠᠭᠰᠠᠨ ᠢᠨᠠᠭ ᠬᠠᠢ᠌ᠷ᠎ᠠ ᠳᠠᠭᠠᠨ ᠣᠷᠠᠨ ᠬᠠᠵᠢᠨ ᠰᠢᠭ᠌ ᠢᠵᠢᠯᠢᠳᠤᠵᠤ ᠨᠠᠢ᠌ᠳᠠ ᠶᠢᠨ ᠮᠠᠯ ᠰᠥᠷᠦᠭ᠌ ᠲᠤ ᠴᠤ ᠬᠠᠮᠳᠤ ᠶᠠᠪᠤᠨ ᠰᠢᠷ᠎ᠠ ᠨᠠᠷᠠ ᠪᠣᠷᠤ ᠬᠤᠨᠤᠭ ᠢ ᠥᠩᠭᠡᠷᠡᠭᠦᠯᠭᠦ ᠳᠡᠭᠡᠨ ᠠᠪᠣ ᠡᠵᠢ ᠶᠢᠨ ᠶᠢᠡᠨ ᠳᠠᠭᠠᠰᠢᠶᠠᠯ ᠢ ᠭᠦᠷᠳᠡᠵᠤ ᠠᠢ᠌ᠯ ᠪᠣᠯᠤᠨ ᠠᠮᠢᠳᠤᠷᠠᠵᠠᠢ᠃

ᠳᠡᠭᠡᠳᠡᠯ᠎ᠡ ᠭᠦᠳᠡᠭᠡ ᠳᠤᠰᠬᠤᠨ ᠮᠠᠯᠵᠢᠬᠤ ᠣᠷᠤᠨ ᠢ ᠳᠠᠭᠠᠭᠠᠴᠢᠯᠠᠯᠳᠠ ᠶᠢᠨ ᠨᠠᠷᠠᠨ ᠭᠡᠢ᠌ᠭᠦᠯᠵᠤ᠂ ᠭᠦᠷᠡᠯ ᠭᠡᠷᠡᠯ ᠬᠤᠶᠠᠷ ᠴᠤ ᠬᠤᠪᠢ ᠪᠠᠷ ᠶᠢᠡᠨ ᠮᠠᠯ ᠬᠤᠢ ᠲᠡᠶ ᠪᠣᠯᠤᠭᠠᠤᠨ ᠢᠳᠠᠪᠭᠢᠵᠢᠯ ᠨᠢ ᠣᠯᠠᠮ ᠳᠡᠭᠡᠭ᠍ᠰᠢᠯᠡᠵᠡᠢ᠃ ᠢᠨᠠᠭ ᠬᠠᠢ᠌ᠷ᠎ᠠ ᠠᠮᠢᠳᠤᠷᠠᠯ ᠵᠢᠷᠭᠠᠯ ᠤᠨ ᠭᠢᠨᠢ ᠡᠷᠳᠡᠨᠢᠳᠤ ᠴᠡᠴᠡᠭ᠌ ᠪᠣᠯᠵᠤ ᠭᠡᠦᠭᠡᠨ ᠥᠭᠡᠳᠡᠩ ᠭᠦᠤ ᠬᠠᠳᠠ ᠳᠠᠷᠠᠭᠠᠪᠠᠷ ᠡᠨᠡ ᠣᠷᠴᠢᠯᠠᠩ ᠢ ᠪᠠᠶᠠᠰᠬᠠᠨ ᠢᠷᠡᠭ᠍ᠰᠡᠨ ᠨᠢ ᠭᠦᠷᠡᠯ ᠳᠤ ᠭᠠᠵᠠᠷ ᠳᠡᠯᠡᠭᠡᠢ ᠳᠤ ᠭᠠᠢ᠌ᠬᠠᠭᠤᠯᠤᠨ ᠬᠠᠰᠭᠢᠷᠤᠮᠠᠷ ᠰᠠᠨᠠᠭᠳᠠᠵᠤ ᠮᠠᠯ ᠰᠥᠷᠦᠭ᠌ ᠤᠨ ᠬᠣᠢ᠌ᠨ᠎ᠠ ᠡᠴᠡ ᠴᠥᠭᠦᠷᠡᠯ ᠦᠭᠡᠶ ᠭᠦᠶ‍ᠦᠵᠡᠢ᠃ ᠭᠡᠷᠡᠯ ᠴᠤ ᠬᠠᠷ᠎ᠠ ᠭᠦᠮᠤᠨ ᠡᠴᠡ ᠪᠠᠨ ᠳᠤᠳᠠᠭᠤ ᠦᠭᠡᠶ ᠪᠣᠷᠪᠢ ᠥᠡᠳᠡᠢ᠌ᠯᠭᠡᠪᠡ᠃ ᠦᠷ᠎ᠡ ᠪᠠᠨ ᠭᠡᠭᠦ ᠠᠪᠣ ᠡᠵᠢ ᠶᠢᠨ ᠰᠠᠤᠠᠭᠢᠯ ᠳᠠᠳᠠᠨ ᠳᠤ ᠡᠵᠡᠮᠳᠡᠭ᠍ᠳᠡᠵᠤ ᠠᠮᠢᠳᠤᠷᠠᠯ ᠤᠨ ᠠᠯᠢ ᠣᠯᠠᠨ ᠬᠠᠳᠠᠭᠤ ᠪᠠᠷᠭᠡᠰᠢᠶᠡᠯ ᠢ ᠬᠠᠮᠳᠤ ᠳᠠᠭᠠᠨ ᠳᠤᠭᠤᠯᠤᠭᠰᠠᠭᠠᠷ ᠪᠠᠢ᠌ᠯ᠎ᠠ᠃

ᠨᠠᠶᠠᠭᠠᠤᠨ ᠣᠨ ᠤ ᠳᠤᠮᠳᠠᠴᠢ ᠪᠠᠷ ᠡᠨᠡ ᠨᠤᠳᠤᠭ ᠭᠡᠵᠤ ᠣᠳᠤᠭᠢ ᠰᠢᠭ ᠳᠤᠤᠷ ᠰᠠᠷᠠᠯᠵᠢ ᠵᠢᠭ᠍ᠳᠡᠷᠡᠭ᠍ᠰᠡᠨ ᠠᠠᠵᠢᠰᠤᠨ ᠬᠤᠰᠢᠭᠤ ᠢᠷᠠᠯᠵᠠᠭᠰᠠᠨ ᠣᠷᠤᠨ ᠪᠢᠰᠢ ᠪᠠᠢ᠌ᠯ᠎ᠠ ᠳ᠋ᠠ᠃ ᠡᠷᠭᠢᠭᠦ ᠳᠦᠷᠪᠡᠨ ᠣᠯᠠᠷᠢᠯ ᠤᠨ ᠡᠭᠡᠯᠵᠢᠨ ᠳᠤ ᠣᠰᠤᠨ ᠤ ᠳᠤᠩᠭ᠋ᠠᠯᠠᠭ ᠡᠪᠠᠰᠤᠨ ᠤ ᠰᠤᠷᠭᠤᠭ ᠢ ᠰᠤᠩᠭ᠋ᠤᠨ ᠣᠳᠤᠷᠯᠠᠭᠰᠠᠨ ᠪᠠᠢ᠌ᠭᠠᠯᠢ ᠥᠭᠯᠢᠭᠡᠴᠢ ᠭᠦᠮᠤᠨ ᠨᠢ ᠡᠯᠢᠭᠡᠰᠦᠭ᠌ ᠮᠤᠩᠭ᠋ᠤᠯ ᠨᠤᠳᠤᠭ ᠰᠢᠤ᠃ ᠭᠦᠷᠡᠯ ᠭᠡᠷ ᠲᠡᠭᠡᠨ ᠭᠦᠳᠡᠯᠮᠦᠷᠢ ᠭᠦᠴᠤ ᠳᠤᠯᠠ ᠠᠳᠤᠭᠤᠨ ᠰᠥᠷᠦᠭ᠌ ᠶᠢᠡᠨ ᠠᠪᠣᠭᠠᠤᠨ ᠬᠠᠪᠣᠷ ᠤᠨ ᠬᠠᠭᠳᠠ ᠴᠤᠬᠣᠢ᠌ᠬᠤ ᠦᠶ᠎ᠡ ᠡᠴᠡ ᠨᠠᠮᠤᠷ ᠤᠨ ᠨᠠᠪᠴᠢ ᠣᠨᠠᠬᠤ ᠪᠣᠯᠳᠠᠯ᠎ᠠ ᠠᠯᠤᠰ ᠤᠨ ᠣᠳᠤᠷ ᠲᠤ ᠮᠤᠷᠳᠠᠳᠠᠭ᠃ ᠠᠷᠤ ᠭᠡᠷ ᠲᠡᠭᠡᠨ ᠬᠤᠴᠤᠷᠤᠭᠰᠠᠨ ᠭᠡᠷᠡᠯ ᠴᠤ ᠥᠭᠡᠷ ᠤᠨ ᠰᠥᠷᠦᠭ᠌ ᠶᠢᠡᠨ ᠡᠷᠭᠢᠴᠡᠭᠦᠯᠭᠦ᠂ ᠰᠥ᠋ ᠰᠠᠭᠠᠯᠢ᠂ ᠭᠡᠦᠭᠡᠤᠨ ᠰᠢᠤᠬᠠᠳ ᠭᠡᠤᠨ ᠥᠤᠷ ᠴᠠᠢ᠌ᠬᠤ ᠡᠴᠡ ᠦᠳᠡᠰᠢ ᠶᠢᠨ ᠳᠤᠯᠦᠩ ᠰᠢᠩᠭᠡᠳᠡᠯ᠎ᠡ ᠮᠤᠩᠭ᠋ᠠᠨᠢᠳᠠᠭ ᠪᠣᠯᠪᠠᠴᠤ ᠡᠷ᠎ᠡ ᠨᠥᠭᠦᠷ ᠤᠨ ᠶᠢᠡᠨ ᠬᠠᠯᠠᠭᠠᠨ ᠤ ᠭᠦᠮᠤᠨ ᠦᠭᠡᠶ 《ᠭᠡᠭᠡᠷᠯᠡᠨ ᠪᠠᠢ᠌ᠯᠳᠤᠬᠤ》 ᠶᠢ ᠪᠣᠳᠤᠮᠠᠭᠴᠠ ᠶᠠᠳᠠᠷᠠᠯ ᠵᠦᠳᠡᠷᠡᠯ ᠶᠢᠡᠨ ᠮᠠᠷᠳᠠᠵᠤ ᠣᠷᠭᠢᠨ᠎ᠠ᠃

ᠬᠠᠢ᠌ᠯᠠᠰᠤᠳᠠᠢ ᠭᠠᠴᠠᠭ᠎ᠠ ᠶᠢᠨ ᠬᠤᠪᠢᠳᠠᠵᠤ ᠣᠯᠤᠭᠰᠠᠨ ᠨᠤᠳᠤᠭ ᠳᠡᠪᠢᠰᠭᠡᠷ ᠪᠣᠯ ᠰᠠᠭᠤᠷᠢᠰᠢᠯ ᠡᠴᠡ ᠪᠠᠨ ᠬᠤᠶᠠᠷ ᠭᠤᠷᠪᠠᠨ ᠵᠠᠭᠤᠨ ᠭᠠᠵᠠᠷ ᠤᠨ ᠥᠵᠦᠭᠦᠷ ᠳᠠᠭᠢ ᠭᠦᠭᠡ ᠶᠢᠨ ᠵᠢᠯᠠᠭ᠎ᠠ᠂ ᠰᠢᠷᠡᠭᠡᠳᠤ ᠶᠢᠨ ᠳᠠᠯ᠎ᠠ᠂ ᠣᠯᠠᠭᠠᠳᠤ ᠶᠢᠨ ᠭᠦᠡᠳᠡᠢ ᠪᠣᠯᠤᠨ᠎ᠠ᠃ ᠴᠢᠨᠠᠭᠰᠢ ᠮᠤᠷᠢ ᠲᠡᠶ ᠭᠦᠮᠤᠨ ᠳᠤ ᠡᠳᠦᠷ ᠤᠨ ᠵᠠᠮ ᠪᠣᠯ ᠬᠠᠯᠬ᠎ᠠ ᠶᠢᠨ ᠭᠢᠯᠢ ᠣᠷᠤᠴᠢᠬᠠᠳᠠᠭ ᠶᠤᠮ ᠭᠡᠵᠤ ᠡ᠊ᠨᠳᠡᠭᠢ ᠨᠤᠳᠤᠭ ᠤᠨ ᠳᠤᠮᠤᠴᠤᠤᠯ ᠬᠠᠭᠤᠴᠢᠯᠠᠳᠠᠭ ᠪᠠᠢ᠌ᠭᠰᠠᠨ᠃ ᠵᠤᠨ ᠤ ᠵᠠᠰᠠᠯ ᠶᠢᠡᠨ ᠭᠡᠳᠦᠷᠦᠭ᠍ᠰᠡᠨ ᠣᠳᠤᠷ ᠤᠨ ᠨᠤᠳᠤᠭ ᠵᠢᠷᠤᠭ ᠰᠢᠭ ᠭᠣᠢ᠌ᠳᠠ᠃ ᠳᠡᠷᠳᠡᠭᠡᠭᠢ ᠠᠭᠤᠯᠠᠨ ᠤ ᠪᠦᠷᠭᠦᠮᠡᠯ ᠨᠤᠭᠤᠭᠠᠨ ᠣᠢ ᠶᠢᠨ ᠣᠷᠤᠢ ᠪᠠᠷ ᠥᠵᠦᠭᠦᠷ ᠨᠢ ᠠᠷᠠᠢ ᠴᠤᠬᠣᠢ᠌ᠭ᠎ᠠ ᠰᠠᠷᠢᠳᠠᠭ ᠲᠤ ᠣᠶᠠᠬᠠᠨ ᠣᠨᠢᠶᠠᠷ ᠳᠠᠳᠠᠭᠠᠤᠨ᠂ ᠳᠡᠷᠭᠡᠳᠡᠭᠢ ᠳᠠᠯ᠎ᠠ ᠶᠢᠨ ᠨᠤᠮᠢᠨ ᠵᠥᠯᠭᠡᠨ ᠳᠤᠮᠳᠠᠭᠤᠷ ᠮᠠᠯᠮᠠᠷᠠᠨ ᠣᠷᠤᠰᠤᠭ᠎ᠠ ᠬᠠᠢ᠌ᠯᠠᠰᠤᠳᠠᠢ ᠶᠢᠨ ᠭᠤᠤᠯ ᠠᠢ᠌ᠵᠠᠮ ᠴᠤᠭᠢᠯᠭ᠎ᠠ ᠪᠠᠷ ᠶᠢᠡᠨ ᠠᠮᠢᠰᠬᠤᠯᠯᠠᠵᠤ᠂ ᠬᠠᠷᠠᠵᠤ ᠰᠠᠭᠤᠬᠤ ᠳᠤ ᠮᠥᠩᠭᠡᠷᠡᠮᠡᠷ᠂ ᠬᠠᠷᠠᠮᠨᠠᠵᠤ ᠠᠪᠣᠭᠠᠤᠨ ᠦᠮᠴᠢᠯᠠᠮᠠᠷ ᠯᠠ ᠨᠤᠳᠤᠭ ᠳ᠋ᠠ᠃ ᠣᠰᠤᠨ ᠤ ᠭᠦᠪᠠᠭᠡ ᠠᠭᠤᠯᠠᠨ ᠤ ᠳᠤᠬᠤᠢ ᠪᠠᠷ ᠥᠡᠳᠡᠭᠡᠨ ᠴᠠᠭᠠᠨ ᠢᠰᠡᠭᠡᠢ ᠭᠡᠷ ᠪᠣᠮᠪᠣᠢ᠌ᠬᠤ ᠨᠢ ᠣᠭᠠᠯᠵᠠᠨ ᠭᠡ ᠲᠡᠶ ᠡᠮᠡᠭᠡᠯ ᠳᠤ ᠮᠥᠩᠭᠦᠨ ᠳᠤᠪᠣᠷᠤᠤ ᠪᠣᠯᠵᠤ ᠬᠠᠷᠠᠭᠳᠠᠨ᠎ᠠ᠃

ᠭᠦᠷᠡᠯ ᠥᠷᠭᠡᠨ ᠳᠠᠯ᠎ᠠ ᠶᠢᠨ ᠳᠤᠮᠳᠠ ᠠᠷᠭᠠᠮᠵᠢᠭᠰᠠᠨ ᠰᠢᠭ ᠪᠠᠯᠴᠢᠭᠡ ᠠᠳᠤᠭᠤᠨ ᠰᠥᠷᠦᠭ᠌ ᠶᠢᠡᠨ ᠰᠠᠤᠠᠭᠢᠯ ᠪᠠᠬᠠᠳᠤᠨ ᠬᠠᠷᠠᠭᠰᠠᠨ ᠶᠢᠡᠨ ᠮᠤᠷᠢᠨ ᠳᠠᠭᠠᠨ ᠮᠤᠷᠳᠠᠵᠤ ᠭᠤᠤᠯ ᠵᠥᠭ᠌ ᠡᠷᠭᠢᠪᠡ᠃ ᠳᠡᠭᠦᠨ ᠤ ᠠᠳᠤᠭᠤ ᠭᠡᠳᠤᠨ ᠡᠳᠦᠷ ᠲᠤ ᠨᠢᠭᠡ ᠬᠤᠷᠢᠶᠠᠪᠠᠯ ᠪᠣᠯᠴᠢᠬᠠᠳᠠᠭ ᠪᠣᠯᠬᠤᠷ ᠵᠠᠪ ᠴᠢᠯᠦᠭᠡ ᠣᠯᠠᠨ ᠲᠡᠶ᠃ ᠭᠡᠪᠠᠴᠤ ᠳᠠᠷᠠ ᠵᠠᠷᠢᠮ ᠭᠦᠮᠤᠨ ᠰᠢᠭ᠌ ᠳᠤᠪᠣ ᠳᠤᠭᠤᠷᠢᠵᠤ ᠳᠤᠭᠤᠭ᠎ᠠ ᠬᠠᠳᠠᠨ ᠠᠷᠢᠭᠢᠳᠠᠵᠤ ᠰᠤᠷᠤᠭ᠎ᠠ ᠦᠭᠡᠶ᠃ ᠬᠠᠷᠢᠨ ᠵᠢᠭᠠᠰᠤ ᠭᠦᠭᠢᠳᠡᠭᠦ᠂ ᠮᠥᠭᠦ ᠳᠡᠭᠦᠭᠦ᠂ ᠬᠠᠰᠠᠭ ᠳᠡᠷᠭᠡ ᠰᠢᠭᠠᠬᠤ ᠵᠡᠷᠭᠡ ᠶᠠᠪᠣᠳᠠᠯ ᠳᠤ ᠶᠠᠭᠠᠷᠠᠳᠠᠭ᠃ ᠵᠢᠷᠭᠤᠭᠠᠨ ᠰᠠᠷ᠎ᠠ ᠶᠢᠨ ᠰᠡᠭᠦᠯᠴᠢ ᠶᠢᠨ ᠳᠠᠯ᠎ᠠ ᠳᠤ ᠢᠪᠢᠯᠦᠭ᠍ᠰᠡᠨ ᠰᠥ᠋ ᠰᠢᠭ᠌ ᠬᠤᠷ᠎ᠠ ᠠᠰᠬᠠᠷᠠᠬᠤ ᠳᠤ ᠭᠦᠭᠡ ᠮᠥᠭᠦ᠂ ᠴᠠᠭᠠᠨ ᠮᠥᠭᠦ ᠡᠯᠪᠠᠭ᠌ ᠳᠡᠯᠪᠠᠭ᠌ ᠣᠷᠭᠤᠨ᠎ᠠ᠃ ᠭᠦᠷᠡᠯ ᠳᠡᠭᠦᠨ ᠶᠢᠡᠷ ᠠᠮᠳᠠᠳᠤ ᠵᠠᠭᠤᠰᠢ ᠪᠠᠨ ᠪᠣᠯᠭᠠᠳᠠᠭ ᠪᠦᠭᠡᠤᠨ ᠪᠠᠰᠠ ᠬᠠᠳᠠᠭᠠᠵᠤ ᠠᠪᠳᠠᠭ ᠪᠢᠯᠠ᠃

ᠵᠢᠯ ᠪᠦᠷᠢ ᠶᠢᠨ ᠨᠠᠮᠤᠷ᠂ ᠣᠳᠤᠷ ᠤᠨ ᠬᠤᠨᠢᠨ ᠰᠥᠷᠦᠭ᠌ ᠰᠠᠭᠤᠷᠢᠰᠢᠯ ᠵᠥᠭ᠌ ᠶᠢᠡᠨ ᠡᠭᠡᠭᠦ ᠳᠤ ᠭᠡᠷᠡᠯ᠂ ᠭᠡᠦᠭᠡᠤᠨ ᠲᠡᠶ ᠪᠠᠨ ᠭᠦᠷᠡᠯ ᠤᠨ ᠢᠷᠡᠭᠦ ᠶᠢ ᠪᠠᠷᠠᠯᠠᠨ᠎ᠠ᠃ ᠭᠡᠪᠠᠴᠤ ᠠᠳᠤᠭᠤ ᠶᠠᠷᠤ ᠨᠢ ᠬᠤᠨᠢ ᠲᠡᠶ ᠳᠠᠭᠠᠷᠠᠬᠤ ᠦᠭᠡᠶ ᠳᠤᠯᠠ ᠨᠠᠮᠤᠷ ᠤᠨ ᠰᠡᠭᠦᠯᠴᠢ ᠬᠠᠳᠤᠯᠠᠩ ᠤᠨ ᠠᠳᠠᠯ ᠰᠡᠭᠦᠯ ᠰᠢᠪᠳᠤᠷᠠᠬᠤ ᠪᠠᠷ ᠰᠠ‍‌ᠶᠢ ᠭᠦᠷᠡᠯ ᠠᠳᠤᠭᠤ ᠪᠠᠨ ᠳᠠᠭᠤᠭᠠᠤᠨ ᠰᠠᠭᠤᠷᠢᠰᠢᠯ ᠳᠠᠭᠠᠨ ᠢᠷᠡᠳᠡᠭ᠌᠃ ᠡᠭᠡᠨᠡᠷ ᠭᠡᠦᠭᠡᠤᠨ ᠨᠢ ᠳᠡᠭᠦᠨ ᠤ ᠮᠥᠭᠡᠷᠤᠨ ᠳᠡᠷᠭᠡ ᠶᠢ ᠠᠭᠤᠳᠠᠯᠵᠤ ᠬᠠᠳᠠᠭᠠᠭᠰᠠᠨ ᠮᠥᠭᠦ᠂ ᠵᠢᠭᠠᠰᠤ᠂ ᠪᠣᠷᠴᠠ 《ᠣᠯᠵᠠᠯᠠᠨ》 ᠪᠠᠶᠠᠷ ᠭᠦᠷ ᠶᠢᠡᠷ ᠪᠢᠯᠬᠠᠨ᠎ᠠ᠃ ᠬᠤᠨᠢᠴᠢᠳ ᠴᠥᠭᠡᠨ ᠭᠡᠳᠤᠨ ᠠᠳᠤᠭᠤ ᠪᠠᠨ ᠭᠦᠷᠡᠯ ᠤᠨ ᠠᠳᠤᠭᠤᠨ ᠰᠥᠷᠦᠭ᠌ ᠲᠤ ᠳᠠᠯᠪᠢᠭᠰᠠᠨ ᠪᠣᠯᠬᠤᠷ ᠨᠠᠮᠤᠷ ᠤᠨ ᠳᠠᠷᠭᠤᠨ ᠬᠤᠷᠠᠭ᠎ᠠ ᠥᠭ᠍ᠴᠤ ᠭᠦᠯᠦᠰᠤ ᠬᠠᠷᠠᠮᠵᠢ ᠪᠣᠯᠭᠠᠨ᠎ᠠ᠃ ᠨᠢᠭᠡ ᠬᠠᠪᠣᠷ ᠵᠤᠨ ᠶᠢᠡᠷ ᠶᠢᠡᠨ ᠮᠢᠬ᠎ᠠ ᠳᠠᠮᠠᠢ ᠣᠯᠵᠤ ᠢᠳᠡᠭ᠍ᠰᠡᠨ ᠦᠭᠡᠶ ᠭᠡᠦᠭᠡᠤᠨ ᠨᠢ ᠠᠪᠣ ᠪᠠᠨ ᠦᠵᠡᠪᠠᠯ ᠮᠢᠬ᠎ᠠ ᠢᠳᠠᠨ᠎ᠠ ᠭᠡᠵᠤ ᠨᠢᠭᠡᠮᠰᠤᠨ ᠭᠦᠭᠡᠷᠳᠡᠭ᠌ ᠪᠢᠯᠠ᠃

《ᠡᠵᠡᠨ ᠭᠢᠴᠢᠶᠠᠪᠠᠯ ᠵᠠᠶᠠᠭ᠎ᠠ ᠭᠢᠴᠢᠶᠠᠨ᠎ᠠ》 ᠭᠡᠳᠡᠭ᠌ ᠶᠢᠡᠷ ᠭᠦᠷᠡᠯ ᠭᠡᠷᠡᠯ ᠤᠨ ᠭᠦᠴᠤ ᠭᠦᠳᠡᠯᠮᠦᠷᠢ ᠳᠤ ᠭᠦᠯᠵᠢᠵᠤ ᠡᠭᠢᠯᠡᠭ᠍ᠰᠡᠨ ᠠᠮᠢᠳᠤᠷᠠᠯ ᠨᠢ ᠭᠦᠷᠦᠩᠭᠡᠵᠢᠭᠦ ᠳᠠᠰᠢ ᠬᠠᠠᠳᠤᠪᠠ᠃ ᠠᠳᠤᠭᠤᠨ ᠰᠥᠷᠦᠭ᠌ ᠥᠭᠡᠷ ᠤᠨ ᠰᠥᠷᠦᠭ᠌ ᠡᠴᠡ ᠪᠠᠨ ᠠᠷᠪᠠᠭᠠᠤᠨ ᠢ ᠬᠤᠳᠠᠯᠳᠤᠮᠠᠭᠴᠠ ᠳᠠᠪᠤᠨ ᠮᠢᠩᠭ᠋ᠠᠨ ᠳᠦᠭᠦᠷᠢᠭ᠌ ᠤᠨ ᠸᠠᠭᠠᠷ ᠤᠨ ᠭᠡᠷ ᠪᠣᠰᠬᠠᠭᠰᠠᠨ ᠨᠢ ᠨᠠᠶᠠᠭᠠᠤᠨ ᠣᠨ ᠤ ᠰᠡᠭᠦᠯᠴᠢ ᠶᠢᠨ ᠬᠠᠢ᠌ᠯᠠᠰᠤᠳᠠᠢ ᠭᠠᠴᠠᠭ᠎ᠠ ᠶᠢᠨ ᠡᠷᠦᠭᠡ ᠳᠤ ᠳᠠᠭᠢᠶᠠᠨ ᠰᠥᠷᠦᠭ᠌ ᠤᠨ ᠳᠤᠮᠳᠠ ᠳᠤᠭᠤᠰ ᠪᠠᠭᠤᠭᠰᠠᠨ ᠰᠢᠭ ᠥᠩᠭᠡ ᠲᠡᠶ ᠵᠢᠰᠤ ᠲᠡᠶ ᠬᠠᠷᠠᠭᠳᠠᠵᠠᠢ᠃ ᠡᠨᠡ ᠦᠶ᠎ᠡ ᠳᠤ ᠣᠳᠬᠤᠨ ᠭᠦᠤ ᠬᠠᠰ ᠨᠢ ᠵᠠᠶᠠᠭᠠᠵᠤ ᠥᠭᠡᠳᠡᠩ ᠬᠠᠳᠠ ᠬᠤᠶᠠᠷ ᠨᠢ ᠴᠤ ᠰᠤᠷᠭᠠᠭᠤᠯᠢ ᠳᠤ ᠰᠠᠭᠤᠬᠤ ᠣᠢ᠌ᠷᠠᠳᠤᠯ᠎ᠠ᠃ ᠭᠦᠷᠡᠯ ᠭᠡᠷᠡᠯ ᠤᠨ ᠬᠤᠭᠤᠷᠤᠠᠳᠤ ᠭᠡᠦᠭᠡᠤᠨ ᠰᠢᠤᠬᠠᠳ ᠤᠨ ᠳᠤᠬᠠᠢ ᠵᠤᠭᠤᠭ ᠵᠥᠩᠳᠡᠭᠡᠨ ᠳᠡᠯᠭᠡᠭ᠍ᠳᠡᠵᠤ ᠪᠢᠴᠢᠭ᠌ ᠰᠤᠶᠤᠯ ᠭᠦᠰᠡᠨ ᠡᠷᠡᠮᠡᠯᠵᠡᠭᠦ ᠪᠣᠯᠵᠠᠢ᠃ ᠠᠢ᠌ᠯ ᠠᠢ᠌ᠮᠠᠭ ᠤᠨ ᠭᠢ ᠴᠤ ᠥᠭᠡᠷ᠎ᠡ ᠨᠢᠳᠤ ᠪᠠᠷ ᠬᠠᠷᠠᠬᠤ ᠪᠣᠯᠵᠤ᠂ ᠡᠪᠦᠯ ᠤᠨ ᠲᠦᠯᠡᠰᠢ ᠭᠡᠳᠡᠯ᠎ᠡ ᠬᠠᠪᠣᠷ ᠤᠨ ᠰᠢᠳᠠᠭᠠᠯᠭ᠎ᠠ ᠭᠡᠮᠡᠨ ᠠᠪᠴᠢᠷᠠᠵᠤ ᠥᠭ᠍ᠳᠡᠭ᠌ ᠪᠣᠯᠪᠠ᠃

ᠠᠮᠢᠳᠤᠷᠠᠯ ᠳᠤ ᠭᠦᠮᠤᠨ ᠣᠯᠪᠠᠰᠤ ᠵᠤᠭᠢᠬᠤ ᠠᠷᠢᠭᠤᠨ ᠳᠠᠷᠬᠠᠨ ᠵᠣᠢ᠌ᠯ ᠶᠢᠡᠨ ᠡᠷᠢᠶᠡᠨ ᠬᠤᠷᠸ᠎ᠠ ᠶᠢᠨ ᠪᠠᠷᠠᠭᠠᠨ ᠰᠡᠭᠦᠳᠡᠷ ᠲᠤ ᠢᠳᠡᠭ᠍ᠳᠡᠭᠦᠯᠤᠨ ᠭᠤᠤᠯᠴᠢ ᠪᠣᠰᠤ ᠪᠠᠷ ᠳᠡᠪᠴᠢᠭ᠍ᠳᠡᠭᠦᠯᠭᠦ ᠦᠶᠡᠰ᠂ ᠵᠠᠷᠢᠮ ᠳᠠᠭᠠᠨ ᠣᠷᠴᠢᠨ ᠳᠤᠭᠤᠷᠢᠨ ᠡᠴᠡ ᠪᠠᠨ ᠵᠢᠭ᠍ᠰᠢᠭᠦ᠂ ᠣᠢ᠌ᠳᠬᠤ ᠪᠣᠯᠳᠠᠭ ᠨᠢ ᠭᠦᠮᠤᠨ ᠲᠦᠷᠦᠯᠭᠢᠳᠠᠨ ᠤ ᠰᠠᠤᠠᠭᠢᠴᠠ ᠶᠢᠨ ᠵᠦᠢ ᠪᠣᠶᠤ᠃ ᠨᠠᠩ ᠴᠢᠨᠠᠭᠰᠢᠯᠠᠪᠠᠯ ᠡᠭᠦᠨ ᠤ ᠣᠯᠠᠮ ᠡᠴᠡ ᠦᠵᠡᠯ ᠰᠠᠨᠠᠭ᠎ᠠ ᠨᠢ ᠬᠠᠭᠠᠭᠳᠠᠨ ᠦᠪᠡᠷ ᠪᠠᠶ᠎ᠠ ᠨᠢ ᠳᠤᠷᠣᠢ᠌ᠳᠠᠳᠠᠭ ᠪᠢᠯᠠ᠃ ᠭᠦᠷᠡᠯ ᠤᠨ ᠬᠤᠪᠢ ᠳᠤ ᠶᠠᠭ ᠡᠢ᠌ᠮᠤ ᠪᠠᠢ᠌ᠵᠠᠢ᠃ ᠶᠡᠷᠡᠭᠡᠤᠨ ᠣᠨ ᠤ ᠡᠭᠢ ᠪᠠᠷ᠂ ᠡᠨᠡ ᠨᠤᠳᠤᠭ ᠲᠤ ᠰᠠᠭᠤᠷᠢᠰᠢᠭᠠᠤᠨ ᠭᠡᠳᠤᠨ ᠵᠢᠯ ᠪᠣᠯᠤᠭ᠎ᠠ ᠦᠭᠡᠶ ᡁᠢ ᠭᠠᠩ ᠡᠪᠦᠭᠡᠨ ᠤ ᠠᠮᠢᠳᠤᠷᠠᠯ ᠥᠩᠭᠡ ᠵᠢᠰᠤ ᠣᠷᠤᠵᠤ᠂ ᠦᠪᠡᠷ ᠤᠨ ᠶᠢᠡᠨ ᠭᠡᠭᠦ ᠡᠴᠡ ᠭᠡᠳᠤᠨ ᠥᠭᠡᠷ᠂ ᠵᠠᠭᠤ ᠰᠢᠬᠠᠮ ᠬᠤᠨᠢ ᠲᠡᠶ ᠪᠣᠯᠵᠠᠢ᠃ ᠡᠪᠦᠭᠡᠨ ᠭᠤᠸᠠᠢ 《ᠣᠷᠭᠤᠵᠤ ᠪᠠᠢ᠌ᠭ᠎ᠠ ᠴᠡᠴᠡᠭ᠌ ᠣᠠᠳᠤᠷᠴᠤ ᠪᠠᠢ᠌ᠭ᠎ᠠ ᠪᠣᠯᠠᠭ》 ᠭᠡᠵᠤ ᠪᠠᠶᠠᠰᠤᠭᠰᠠᠨ ᠪᠣᠯᠪᠠᠴᠤ ᠦᠪᠡᠷ ᠤᠨ ᠪᠠᠶ᠎ᠠ ᠨᠢ ᠴᠠᠭᠠᠴᠢᠯᠠᠵᠤ ᠢᠷᠡᠭ᠍ᠰᠡᠨ ᠪᠣᠯᠬᠤᠷ ᠦᠮᠴᠢᠯᠠᠵᠤ ᠣᠯᠤᠭᠰᠠᠨ ᠬᠠᠳᠤᠯᠠᠩ ᠤᠨ ᠭᠠᠵᠠᠷ ᠦᠭᠡᠶ ᠪᠠᠬᠠᠨ ᠳᠦᠪᠠᠭ᠍ᠳᠡᠵᠡᠢ᠃ ᠳᠡᠭᠡᠭᠡᠤᠨ ᠭᠡᠳᠤᠨ ᠡᠳᠦᠷ ᠠᠷᠭ᠎ᠠ ᠰᠢᠪᠬᠠᠭᠰᠠᠭᠠᠷ ᠭᠦᠷᠡᠯ ᠢ ᠪᠣᠳᠤᠵᠤ ᠣᠯᠤᠯ᠎ᠠ᠃ ᠭᠦᠷᠡᠯ ᠤᠨ ᠭᠢ ᠭᠤᠤᠯᠳᠠᠭᠤ ᠠᠳᠤᠭᠤ᠂ ᠠᠳᠤᠭᠤ ᠪᠣᠯ ᠭᠦᠢᠳᠡᠨ ᠳᠠᠴᠢᠷ ᠲᠤ ᠳᠠᠰᠪᠣᠷᠢᠳᠠᠢ ᠠᠮᠢᠳᠠᠨ ᠳᠤᠯᠠ ᠶᠠᠷᠤ ᠡᠴᠡ ᠡᠪᠠᠰᠦᠯᠡᠵᠤ ᠳᠡᠵᠢᠭᠡᠳᠡᠭ᠌ ᠵᠠᠩᠰᠢᠯ ᠦᠭᠡᠶ᠃ ᠡᠢ᠌ᠮᠤ ᠡᠴᠡ ᠬᠠᠳᠤᠯᠠᠩ ᠨᠢ ᠢᠯᠡᠭᠦᠴᠡ ᠭᠠᠷᠤᠨ᠎ᠠ᠃ ᠪᠢ ᠭᠠᠴᠠᠭ᠎ᠠ ᠶᠢᠨ ᠣᠳᠤᠷᠢᠳᠤᠯᠭ᠎ᠠ ᠶᠢ ᠡᠷᠢᠵᠤ ᠣᠴᠢᠭᠰᠠᠭᠠᠷ ᠯᠠ ᠁

ᠪᠢᠰᠢᠯᠭᠠᠭᠰᠠᠨ 《ᠳᠠᠷᠨᠢ》 ᠳᠠᠭᠠᠨ ᠪᠠᠷᠳᠠᠮ ᠢᠳᠡᠭᠡᠭ᠍ᠰᠡᠨ ᠡᠪᠦᠭᠡᠨ ᠭᠠᠴᠠᠭ᠎ᠠ ᠶᠢᠨ ᠣᠳᠤᠷᠢᠳᠤᠯᠭ᠎ᠠ ᠶᠢ ᠡᠷᠢᠵᠤ ᠣᠴᠢᠭᠠᠤᠨ 《ᠭᠠᠵᠠᠷ ᠰᠢᠷᠣᠢ᠌ᠳᠠᠵᠤ》 ᠪᠢᠯᠠ᠃ ᠳᠠᠭᠠᠭᠠᠴᠢᠯᠠᠯᠳᠠ ᠶᠠᠪᠣᠭᠳᠠᠭᠤᠯᠬᠤ ᠦᠶᠡᠰ᠂ ᠠᠳᠤᠭᠤ ᠥᠭᠡᠷ ᠢ ᠪᠦᠷ ᠬᠤᠨᠢᠨ ᠤ ᠳᠤᠭ᠎ᠠ ᠪᠠᠷ ᠪᠣᠳᠤᠵᠤ ᠬᠠᠳᠤᠯᠠᠩ ᠣᠯᠭᠤᠭᠰᠠᠨ ᠳᠤᠯᠠ ᠢᠩᠭᠢᠭᠦ ᠨᠢ ᠵᠤᠭᠢᠰ ᠦᠭᠡᠶ᠁ ᠨᠠᠩ ᠭᠦᠷᠡᠯ ᠤᠨ ᠬᠤᠪᠢ ᠳᠤ ᠬᠠᠳᠤᠯᠠᠩ ᠪᠣᠯ ᠮᠠᠯᠴᠢᠨ ᠭᠦᠮᠤᠨ ᠤ ᠣᠷᠤᠰᠢᠨ ᠳᠤᠭᠳᠠᠨᠢᠬᠤ ᠶᠢᠨ ᠦᠨᠳᠦᠰᠦ ᠮᠦᠨ ᠭᠡᠤᠨ ᠶᠠᠭ ᠵᠥᠪᠰᠢᠶᠡᠷᠡᠭ᠍ᠰᠡᠨ ᠦᠭᠡᠶ᠃ ᠢᠩᠭᠢᠵᠤ ᠨᠢᠭᠡ ᠯᠠ ᠱᠤᠤᠭᠢᠵᠤ ᠭᠡᠳᠤᠨ ᠡᠳᠦᠷ ᠨᠠᠮ ᠪᠠᠢ᠌ᠭᠰᠠᠨ ᠶᠢᠡᠨ ᠰᠤᠮᠤᠨ ᠳᠠᠷᠤᠭ᠎ᠠ ᠶᠢᠨ ᠭᠦᠡᠳᠤ ᠪᠠᠶ᠎ᠠ ᠶᠢ ᠠᠴᠢᠭᠰᠠᠨ ᠭᠦᠩᠭᠡᠨ ᠮᠠᠰᠢᠨ ᠭᠠᠴᠠᠭ᠎ᠠ ᠶᠢᠨ ᠠᠯᠪᠠᠨ ᠭᠡᠷ ᠤᠨ ᠡᠭᠦᠳᠡᠨ ᠳᠤ ᠵᠤᠭᠰᠤᠯ᠎ᠠ᠃ ᠬᠠᠭᠠᠰ ᠡᠳᠦᠷ ᠤᠨ ᠨᠠᠢ᠌ᠷ ᠲᠤ ᠮᠠᠰᠢᠨ ᠴᠤ ᠬᠠᠨᠤᠭᠰᠠᠨ ᠪᠣᠯᠤᠯᠳᠠᠢ᠂ ᠡ᠊ᠨᠳᠡ ᠡᠴᠡ ᠱᠤᠤᠭᠢᠭᠤᠯᠵᠤ ᠶᠠᠪᠣᠭᠰᠠᠨ ᠤ ᠮᠠᠷᠭᠠᠰᠢ ᠨᠢ ᠭᠦᠷᠡᠯ ᠤᠨ ᠬᠠᠳᠤᠯᠠᠩ ᠡᠴᠡ ᠭᠡᠰᠡᠭ᠌ ᠭᠠᠵᠠᠷ ᠢ ᡁᠢ ᠭᠠᠩ ᠳᠤ ᠬᠤᠪᠢᠳᠠᠭᠤᠯᠵᠤ ᠦᠭ‍ᠭᠦᠭ᠍ᠰᠡᠨ ᠢ ᠭᠠᠴᠠᠭ᠎ᠠ ᠡᠴᠡ ᠵᠠᠷᠯᠠᠪᠠ᠃ ᠭᠦᠷᠡᠯ ᠭᠡᠷᠡᠯ ᠬᠤᠶᠠᠷ ᠭᠡᠴᠢᠨᠡᠭᠡᠨ ᠣᠳᠠᠭ᠎ᠠ ᠵᠠᠷᠭᠤ ᠭᠦᠭᠡᠭᠡᠭ᠍ᠰᠡᠨ ᠪᠣᠯᠪᠠᠴᠤ ᠭᠢᠮᠤᠰᠤᠨ ᠳᠠᠳᠤᠢ ᠴᠤ ᠪᠣᠴᠠᠭᠠᠵᠤ ᠳᠡᠢ᠌ᠯᠦᠭ᠍ᠰᠡᠨ ᠦᠭᠡᠶ᠃ ᠡᠭᠦᠨ ᠡᠴᠡ ᠬᠣᠢ᠌ᠰᠢ ᠭᠦᠷᠡᠯ᠂ ᠰᠤᠮᠤ ᠭᠠᠴᠠᠭ᠎ᠠ ᠶᠢᠨ ᠶᠡᠭᠡ ᠪᠠᠭ᠎ᠠ ᠳᠠᠷᠤᠭ᠎ᠠ ᠨᠡᠷ ᠢ ᠥᠵᠡᠭ᠍ᠰᠡᠭᠡᠷ ᠯᠠ 《ᠨᠢᠭᠡ ᠯᠠ ᠦᠮᠦᠳᠦ ᠡᠮᠦᠰᠦᠭ᠍ᠰᠡᠨ ᠭᠠᠢ᠌ᠬᠠᠯ ᠤᠳ》 ᠭᠡᠵᠤ ᠵᠢᠭ᠍ᠰᠢᠨ ᠡᠭ᠍ᠳᠡᠭᠦᠴᠡᠭᠦ ᠪᠣᠳᠤᠯ ᠣᠷᠤᠪᠠᠴᠤ 《ᠨᠤᠬᠠᠢ ᠳᠤ ᠦᠰᠢᠶ᠎ᠠ ᠲᠡᠶ ᠪᠣᠯ ᠬᠤᠷᠮᠤᠢ ᠦᠭᠡᠶ᠂ ᠨᠤᠶᠠᠨ ᠳᠤ ᠦᠰᠢᠶ᠎ᠠ ᠲᠡᠶ ᠪᠣᠯ ᠬᠤᠩᠭ᠋ᠤ ᠦᠭᠡᠶ》 ᠭᠡᠭᠦ ᠡᠴᠡ ᠨᠢᠭᠡ ᠯᠠ ᠰᠠᠳᠭᠢᠯ ᠣᠢ᠌ᠳᠳᠠᠭ ᠶᠤᠮ᠃ ᠪᠠᠰᠠ ᠨᠢᠭᠡ ᠵᠢᠯ ᠥᠩᠭᠡᠷᠡᠯ᠎ᠡ᠃ ᠭᠦᠷᠡᠯ ᠶᠠᠷᠤ ᠡᠴᠡ ᠠᠢ᠌ᠯ ᠠᠢ᠌ᠮᠠᠭ ᠲᠠᠭᠠᠨ ᠢᠳᠡᠭᠡᠯ ᠭᠦᠡᠳᠤ ᠲᠡᠶ ᠪᠠᠢ᠌ᠳᠠᠭ ᠳᠤᠯᠠ ᠰᠤᠩᠭ᠋ᠤᠭᠤᠯᠢ ᠪᠠᠷ ᠳᠠᠮᠵᠢᠭᠠᠤᠨ ᠭᠠᠴᠠᠭ᠎ᠠ ᠶᠢᠨ ᠨᠠᠮ ᠤᠨ ᠡᠭᠦᠷ ᠤᠨ ᠱᠦᠵᠢ ᠶᠢᠨ ᠳᠤᠰᠢᠶᠠᠯ ᠳᠤ ᠭᠠᠷᠬᠤ ᠪᠠᠷ ᠪᠣᠯᠵᠠᠢ᠃ ᠭᠡᠳᠡᠯ᠎ᠡ ᠰᠤᠮᠤᠨ ᠡᠴᠡ ᠵᠥᠪᠰᠢᠶᠡᠷᠡᠭᠦ ᠦᠭᠡᠶ ᠭᠡᠰᠡᠨ ᠭᠠᠭᠴᠠᠬᠠᠨ ᠵᠠᠷᠯᠢᠭ ᠢᠳᠡᠭᠡᠯ ᠪᠠᠶᠠᠰᠤᠯ ᠶᠢᠡᠷ ᠵᠢᠭᠦᠷᠯᠡᠭᠰᠡᠨ ᠭᠦᠷᠡᠯ ᠢ ᠪᠦᠯᠡᠭᠡ ᠵᠠᠯᠭᠢᠭᠤᠯᠤᠭᠰᠠᠨ ᠰᠢᠭ ᠪᠣᠯᠭᠠᠵᠤ ᠬᠠᠶᠠᠵᠠᠢ᠃ ᠠᠷᠢᠭᠢ ᠶᠡᠭᠡ ᠪᠠᠷ ᠣᠤᠭᠤᠬᠤ ᠵᠠᠩᠰᠢᠯ ᠦᠭᠡᠶ ᠳᠡᠭᠦᠨ ᠤ ᠪᠠᠶ᠎ᠠ ᠳᠠᠷᠠ ᠰᠦᠨᠢ ᠰᠦᠨᠢᠵᠢᠨ ᠠᠷᠢᠭᠢ ᠣᠤᠭᠤᠵᠤ ᠮᠡᠳᠡᠭᠡ ᠠᠯᠳᠠᠭᠰᠠᠨ ᠁ ᠳᠡᠭᠦᠨ ᠡᠴᠡ ᠠᠪᠣᠭᠠᠤᠨ ᠬᠠᠶᠠ ᠬᠠᠶᠠ ᠠᠷᠢᠭᠢᠳᠠᠳᠠᠭ ᠪᠣᠯᠤᠯ᠎ᠠ᠃ ᠣᠳᠤᠷ ᠲᠤ ᠭᠠᠷᠪᠠᠯ ᠳᠠᠷᠠ ᠭᠠᠷᠠᠭ ᠰᠢᠬᠠᠮ ᠪᠣᠯᠤᠭᠠᠤᠨ ᠠᠳᠤᠭᠤ ᠪᠠᠨ ᠨᠢᠭᠡ ᠡᠷᠭᠢᠭᠦᠯᠭᠦ ᠡᠴᠡ ᠪᠣᠰᠤᠳ ᠴᠠᠭ ᠲᠤ ᠮᠢᠬ᠎ᠠ ᠢᠳᠠᠵᠤ ᠮᠠᠷᠠᠭ ᠳᠤᠭᠰᠢᠨ ᠭᠡᠰᠦᠭᠦ ᠪᠣᠯᠵᠠᠢ᠃

ᠨᠤᠳᠤᠭ ᠪᠠᠢ᠌ᠭᠠᠯᠢ ᠴᠤ ᠬᠤᠪᠢᠷᠠᠯᠳᠠ ᠭᠠᠷᠤᠯ᠎ᠠ᠃ ᠠᠳᠠᠷ ᠬᠠᠭᠠᠯᠪᠣᠷᠢᠯᠠᠭᠳᠠᠵᠤ ᠠᠠᠵᠢᠰᠤᠨ ᠬᠤᠰᠢᠭᠤ ᠣᠯᠠᠰᠢᠷᠠᠭᠰᠠᠨ ᠡᠨᠡ ᠨᠤᠳᠤᠭ ᠲᠤ ᠠᠳᠤᠭᠤ ᠴᠥᠭᠡᠳᠴᠤ ᠭᠦᠷᠡᠯ ᠤᠨ ᠠᠳᠤᠭᠤ ᠭᠦᠯ ᠳᠤᠭᠳᠠᠨᠢᠬᠤ ᠳᠤ ᠪᠠᠷᠭᠡ ᠪᠣᠯᠵᠠᠢ᠃ ᠨᠢᠭᠡ ᠬᠤᠶᠠᠷ ᠶᠢᠡᠷ ᠬᠤᠯᠠᠭᠠᠢ᠌ᠯᠠᠠᠭᠳᠠᠨ᠎ᠠ᠂ ᠳᠠᠷᠢᠶᠠᠨ ᠳᠤ ᠣᠷᠤᠯ᠎ᠠ ᠭᠡᠮᠡᠨ ᠳᠤᠷᠭᠠᠭᠳᠠᠨ᠎ᠠ ᠁ ᠭᠦᠷᠡᠯ ᠣᠢ᠌ᠳᠤᠨ᠎ᠠ᠂ ᠠᠷᠢᠭᠢᠳᠠᠨ᠎ᠠ᠂ ᠣᠢ᠌ᠳᠤᠨ᠎ᠠ ᠁ ᠭᠡᠷ ᠲᠡᠭᠡᠨ ᠢᠷᠠᠪᠠᠯ ᠠᠵᠢᠯ ᠭᠢᠳᠡᠭ᠌ ᠦᠭᠡᠶ᠂ ᠠᠳᠤᠭᠤ ᠪᠠᠨ ᠭᠡᠳᠤᠨ ᠡᠳᠦᠷ ᠶᠢᠡᠷ ᠵᠠᠯᠠᠵᠤ 《ᠠᠬ᠎ᠠ ᠳᠡᠭᠦᠤ》 ᠲᠡᠶ ᠪᠠᠨ ᠡᠳᠦᠷᠵᠢᠨ ᠠᠷᠢᠭᠢᠳᠠᠳᠠᠭ᠃ ᠡᠭᠡᠨᠡᠷ ᠨᠢ ᠡᠭᠢᠯᠡᠭᠡᠤᠨ ᠬᠠᠷ᠎ᠠ ᠭᠦᠮᠤᠨ ᠤ ᠪᠠᠨ ᠵᠢᠯ ᠤᠨ ᠵᠢᠯ ᠳᠡᠭᠡᠨ ᠭᠡᠭᠡᠷ᠎ᠡ ᠶᠠᠪᠣᠬᠤ ᠠᠮᠠᠷ ᠦᠭᠡᠶ ᠭᠡᠵᠤ ᠦᠷᠦ ᠡᠪᠠᠳᠳᠡᠭ᠌ ᠶᠢᠡᠷ ᠶᠢᠡᠨ ᠳᠠᠮᠠᠢ ᠴᠤ ᠭᠡᠯᠡᠳᠡᠭ᠌ ᠦᠭᠡᠶ ᠪᠠᠢ᠌ᠭᠰᠠᠨ ᠨᠢ ᠠᠯᠵᠠᠭᠤ ᠵᠠᠯᠬᠠᠭᠤ ᠶᠢᠨ ᠠᠷᠬᠠᠭ ᠭᠡᠮ ᠳᠤ ᠪᠠᠷᠢᠭᠳᠠᠭᠰᠠᠨ ᠭᠦᠷᠡᠯ ᠢ ᠪᠠᠷᠤᠭ ᠳᠠᠭᠠᠮᠠᠭᠯᠠᠭᠰᠠᠨ ᠭᠡᠷᠡᠭ᠌ ᠪᠣᠯᠵᠠᠢ᠃

《ᠴᠠᠭ ᠴᠠᠭ ᠶᠢᠡᠷ ᠪᠠᠢ᠌ᠳᠠᠭ ᠦᠭᠡᠶ᠂ ᠴᠠᠭᠢᠯᠳᠠᠭ ᠭᠦᠭᠡ ᠪᠠᠷ ᠪᠠᠢ᠌ᠳᠠᠭ ᠦᠭᠡᠶ》 ᠭᠡᠳᠡᠭ᠌᠃ ᠶᠡᠷᠡᠭᠡᠤᠨ ᠣᠨ ᠤ ᠳᠤᠮᠳᠠᠴᠢ ᠡᠴᠡ ᠬᠣᠢ᠌ᠰᠢ ᠡᠨᠡ ᠨᠤᠳᠤᠭ ᠲᠤ ᠠᠳᠠᠷ ᠬᠠᠭᠠᠯᠪᠣᠷᠢᠯᠠᠬᠤ ᠨᠠᠩ ᠭᠡᠴᠡᠭᠦᠳᠡᠨ᠂ ᠣᠢ ᠮᠤᠳᠤ ᠶᠡᠭᠡ ᠪᠠᠷ ᠣᠭᠳᠤᠯᠤᠭᠳᠠᠭᠰᠠᠨ ᠡᠴᠡ ᠵᠢᠯ ᠳᠠᠷᠠᠭᠠᠯᠠᠨ ᠭᠠᠩ ᠬᠠᠭᠤᠷᠠᠢ ᠪᠢᠰᠢ ᠪᠣᠯ ᠣᠯᠠᠭᠠᠨ ᠦᠶᠡᠷ ᠴᠠᠭᠠᠨ ᠵᠤᠳ ᠭᠡᠮᠡᠨ ᠳᠡᠭ᠍ᠷᠢ ᠶᠢᠨ ᠰᠢ᠌ᠳᠭᠡᠯ ᠢ ᠭᠦᠷᠳᠡᠵᠡᠢ᠃ ᠭᠦᠷᠡᠯ ᠤᠨ ᠠᠳᠤᠭᠤ ᠴᠢᠯᠦᠭᠡᠳᠡᠢ ᠪᠠᠷ ᠶᠠᠪᠣᠵᠤ ᠳᠡᠢ᠌ᠯᠭᠦ ᠦᠭᠡᠶ ᠪᠣᠯᠵᠤ ᠡᠳᠦᠷᠵᠢᠨ ᠳᠠᠷᠢᠶ᠎ᠠ ᠲᠦᠮᠦᠰᠦ ᠣᠷᠭ᠎ᠠ ᠳᠤᠤᠷ ᠲᠡᠶ 《ᠳᠠᠰᠤᠯᠴᠠᠪᠠ》᠃ ᠭᠡᠷᠡᠯ ᠡᠷ᠎ᠡ ᠨᠥᠭᠦᠷ ᠲᠡᠭᠡᠨ 《ᠠᠳᠤᠭᠤ ᠭᠦᠯ ᠬᠤᠷᠳᠤᠨ ᠠᠮᠢᠳᠠᠨ᠂ ᠣᠳᠤ ᠪᠠᠯᠴᠢᠭᠡᠷ ᠢᠪᠴᠤᠷᠠᠭᠰᠠᠨ ᠳᠤᠯᠠ ᠬᠤᠨᠢ ᠬᠤᠪᠢᠯᠭᠠᠪᠠᠯ ᠳᠡᠭᠡᠷ᠎ᠡ》 ᠭᠡᠵᠤ ᠰᠠᠨᠠᠭᠤᠯᠬᠤ ᠪᠦᠷᠢ ᠠᠷᠢᠭᠢᠨ ᠴᠢᠦᠡᠭᠦᠷ ᠪᠣᠯᠤᠭᠰᠠᠨ ᠭᠦᠷᠡᠯ ᠳᠤ ᠣᠩᠭ᠋ᠤᠰᠤ ᠠᠯᠳᠠᠭᠰᠠᠨ ᠳᠠᠳᠤᠢ ᠪᠠᠢ᠌ᠵᠤ ᠬᠤᠨᠢ ᠪᠣᠯᠭᠠᠪᠠᠯ ᠳᠦᠭᠡ ᠰᠠᠯᠤᠯ ᠦᠭᠡᠶ ᠳᠠᠭᠠᠬᠤ ᠯᠠ ᠭᠡᠷᠡᠭ᠌ ᠳᠤᠯᠠ ᠰᠤᠯᠠ ᠵᠠᠳᠠᠭᠠᠢ ᠶᠠᠪᠣᠭᠰᠠᠨ ᠳᠡᠭᠦᠨ ᠳᠤ ᠰᠤᠬᠤᠷ ᠨᠥᠭᠡᠨ ᠳᠤ ᠣᠷᠤᠭᠰᠠᠨ ᠰᠢᠤᠬᠠᠨ ᠪᠣᠳᠤᠭᠳᠠᠵᠤ᠂ ᠡᠨᠡ ᠳᠠᠷᠠ ᠰᠢᠯᠳᠠᠭ ᠭᠡᠯᠡᠭ᠍ᠰᠡᠭᠡᠷ ᠥᠩᠭᠡᠷᠡᠭᠡᠳᠡᠭ᠌ ᠪᠠᠢ᠌ᠵᠠᠢ᠃

ᠭᠡᠦᠭᠡᠤᠨ ᠨᠢ ᠦᠰᠴᠦ ᠳᠤᠮᠤᠭᠠᠵᠢᠯ᠎ᠠ᠃ ᠥᠭᠡᠳᠡᠩ ᠬᠠᠳᠠ ᠨᠢ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ ᠪᠣᠯᠵᠤ ᠬᠠᠰ ᠭᠦᠤ ᠴᠤ ᠠᠩᠬ᠎ᠠ ᠳᠤᠮᠳᠠᠳᠤ ᠳᠤ ᠳᠠᠪᠰᠢᠵᠠᠢ᠃ ᠰᠤᠷᠤᠯᠭ᠎ᠠ ᠶᠢᠨ ᠵᠠᠷᠤᠳᠠᠯ ᠨᠡᠮᠡᠭ᠍ᠳᠡᠵᠤ ᠢᠷᠡᠭᠦ ᠪᠠᠷ ᠭᠦᠷᠡᠯ ᠭᠤᠸᠠᠢ᠂ ᠦᠨᠳᠦᠷ ᠳᠤᠮᠳᠠᠳᠤ ᠪᠠᠨ ᠳᠡᠭᠦᠰᠭᠡᠮᠡᠷ ᠪᠠᠢ᠌ᠭᠰᠠᠨ ᠥᠭᠡᠳᠡᠩ ᠭᠡᠦᠭᠡᠨ ᠶᠢᠡᠨ 《ᠭᠡᠦᠭᠡᠨ ᠭᠦᠮᠤᠨ ᠭᠦᠮᠤᠨ ᠤ ᠭᠢ》 ᠭᠡᠤᠨ ᠦᠷ᠎ᠡ ᠶᠢᠨ ᠰᠠᠤᠠᠭᠢᠯ ᠢ ᠦᠨᠢᠳᠠ ᠭᠤᠮᠤᠳᠠᠭᠠᠵᠤ ᠡᠷᠦᠭᠡ ᠭᠡᠷ ᠲᠡᠭᠡᠨ ᠰᠠᠭᠤᠯᠭᠠᠨ ᠭᠤᠷᠪᠠᠨ ᠭᠦᠷᠳᠦᠳᠤ ᠮᠠᠰᠢᠨ ᠠᠪᠴᠤ ᠦᠭ‍ᠭᠦᠭᠡᠤᠨ ᠬᠠᠳᠤᠯᠠᠩ᠂ ᠮᠤᠳᠤ ᠲᠦᠯᠡᠰᠢ ᠭᠡᠮᠡᠨ ᠬᠠᠢ᠌ᠷ᠎ᠠ ᠨᠠᠢ᠌ᠷ ᠦᠭᠡᠶ ᠵᠠᠷᠤᠵᠤ ᠡᠭᠢᠯᠡᠯ᠎ᠡ᠃ ᠪᠦᠰᠡᠭᠦᠢ ᠭᠡᠷᠡᠯ ᠤᠨ ᠥᠭᠡ ᠨᠢ ᠡᠨᠡ ᠦᠶ᠎ᠡ ᠡᠯᠡᠰᠤᠨ ᠳᠡᠭᠡᠷ᠎ᠡ ᠣᠰᠤ ᠴᠢᠤᠠᠬᠤᠭᠰᠠᠨ ᠰᠢᠭ ᠪᠣᠯᠵᠤ ᠡᠪ ᠥᠭᠡᠢ᠌ᠳᠡᠪᠠᠯ ᠭᠠᠷ ᠭᠦᠳᠡᠯᠳᠡᠭ᠌ ᠪᠣᠯᠬᠤᠷ ᠳᠡᠭᠦᠨ ᠢ ᠨᠤᠮᠤᠢ ᠳᠤᠭᠤᠢ ᠪᠣᠯᠭᠠᠵᠤ ᠬᠠᠶᠠᠭᠰᠠᠨ ᠪᠠᠢ᠌ᠨ᠎ᠠ᠃

ᠮᠠᠭᠤ ᠶᠠᠭᠤᠮ᠎ᠠ ᠮᠤᠳᠤᠨ ᠣᠯᠠᠭ᠎ᠠ ᠲᠡᠶ ᠭᠡᠳᠡᠭ᠌ ᠶᠢᠡᠷ ᠣᠳᠠᠯ ᠦᠭᠡᠶ ᠡᠨᠡᠭᠦ ᠭᠡᠷ ᠪᠦᠯᠢ ᠳᠤ ᠭᠠᠢ ᠢᠷᠠᠵᠤ ᠠᠮᠢᠳᠤᠷᠠᠯ ᠤᠨ ᠡᠷᠭᠢᠭᠦᠯᠭᠡᠨ ᠳᠤ ᠡᠭᠡᠷᠤᠯ ᠰᠢᠭ᠌ ᠪᠣᠯᠭᠠᠯ᠎ᠠ᠃ ᠭᠡᠪᠠᠴᠤ ᠢᠩᠭᠢᠨ᠎ᠠ ᠭᠡᠵᠤ ᠭᠦᠷᠡᠯ ᠤᠨ ᠠᠷᠪᠠᠨ ᠵᠡᠭᠦᠳᠤᠨ ᠳᠤ ᠣᠷᠤᠭᠰᠠᠨ ᠦᠭᠡᠶ ᠪᠠᠢ᠌ᠵᠠᠢ᠃ ᠳᠠᠷᠠ ᠨᠢ ᠴᠠᠰᠤ ᠵᠤᠳ ᠲᠡᠶ ᠨᠢᠭᠡᠨ ᠡᠪᠦᠯ ᠪᠠᠢ᠌ᠵᠤ ᠪᠢᠯᠠ᠃ ᠭᠦᠷᠡᠯ ᠤᠨ ᠠᠢ᠌ᠯ ᠭᠡᠰᠤᠨ ᠠᠷᠢᠭᠢᠳᠠᠵᠤ ᠠᠳᠤᠭᠤ ᠪᠠᠨ ᠬᠠᠮᠢᠶᠠᠷᠬᠤ ᠦᠭᠡᠶ ᠪᠠᠢ᠌ᠬᠤ ᠶᠢ ᠠᠵᠢᠵᠤ ᠮᠡᠳᠡᠭ᠍ᠰᠡᠨ ᠬᠤᠯᠠᠭᠠᠢ᠌ᠴᠢ ᠰᠥᠷᠦᠭ᠌ ᠳᠠᠰᠤᠳᠠᠨ ᠬᠤᠷᠢᠭᠠᠤᠨ ᠠᠳᠤᠭᠤ ᠳᠠᠭᠤᠵᠤ ᠮᠤᠵᠢ ᠳᠠᠮᠵᠢᠭᠤᠯᠤᠨ ᠠᠷᠠᠯᠵᠢᠶᠠᠯᠠᠵᠠᠢ᠃ ᠳᠠᠷᠠ ᠨᠣᠢ᠌ᠷ ᠡᠴᠡ ᠪᠠᠨ ᠰᠡᠷᠢᠭ᠍ᠰᠡᠨ ᠭᠦᠮᠤᠨ ᠰᠢᠭ᠌ ᠨᠢᠭᠡ ᠮᠡᠳᠡᠭᠦᠶ᠎ᠡ ᠥ ᠰᠠᠪ ᠨᠢᠭᠡᠨᠲᠡ ᠦᠭᠡᠶ ᠪᠣᠯᠵᠤ ᠬᠤᠰᠢᠭᠤ ᠭᠦᠷᠳᠡᠯ᠎ᠡ ᠮᠡᠳᠡᠭᠦᠯᠦᠭ᠍ᠰᠡᠨ ᠴᠤ ᠭᠢᠮᠤᠰᠤᠨ ᠳᠠᠳᠤᠢ ᠴᠢᠮᠡᠭᠡ ᠭᠠᠷᠭᠠᠵᠤ ᠴᠢᠳᠠᠭᠰᠠᠨ ᠦᠭᠡᠶ᠃ ᠡᠨᠡ ᠭᠦ ᠭᠡᠭᠡᠭ᠍ᠳᠡᠭ᠍ᠰᠡᠨ ᠠᠳᠤᠭᠤᠨ ᠳᠤ ᠪᠣᠰᠤᠳ ᠤᠨ ᠳᠠᠯᠪᠢᠭᠤᠯ ᠠᠳᠤᠭᠤ ᠴᠤ ᠠᠷᠪᠠᠭᠠᠤᠨ ᠪᠠᠢ᠌ᠬᠤ ᠳᠤᠯᠠ ᠡᠳᠦᠷ ᠦᠨᠵᠢᠯ ᠦᠭᠡᠶ ᠡᠵᠡᠨ ᠳ᠋ᠤᠨᠢ ᠨᠡᠭᠡᠭ᠍ᠳᠡᠵᠤ᠂ ᠠᠮᠤᠷ ᠵᠠᠶᠠᠭ᠎ᠠ ᠡᠳ᠋ᠯᠡᠵᠤ ᠴᠢᠳᠠᠬᠤ ᠦᠭᠡᠶ ᠪᠠᠢ᠌ᠯ᠎ᠠ᠃ ᠠᠢ᠌ᠯ ᠭᠦᠷᠰᠢ ᠶᠢᠨ ᠵᠢᠮᠠᠯᠠᠯ᠂ ᠠᠪᠠᠭᠠᠢ ᠭᠡᠦᠭᠡᠤᠨ ᠤᠨ ᠶᠢᠡᠨ ᠣᠠᠳᠤᠭᠤᠴᠠᠯ ᠳᠤ ᠭᠦᠷᠡᠯ ᠪᠠᠬᠠᠨ ᠰᠡᠭᠡᠭᠡᠷᠡᠵᠤ ᠠᠳᠤᠭᠤᠨ ᠳᠠᠭᠠᠨ ᠡᠳᠦᠷ ᠠᠯᠭᠠᠰᠠᠯ ᠦᠭᠡᠶ ᠮᠤᠷᠳᠠᠬᠤ ᠪᠣᠯᠤᠯ᠎ᠠ᠃ ᠭᠡᠳᠡᠯ᠎ᠡ ᠠᠮᠳᠠᠯᠠᠭᠰᠠᠨ ᠭᠡᠷᠢᠶ᠎ᠡ ᠠᠷᠪᠠ ᠳᠠᠭᠢᠨ᠎ᠠ ᠭᠡᠳᠡᠭ᠌ ᠶᠢᠡᠷ ᠬᠠᠪᠣᠷ ᠪᠣᠯᠤᠮᠠᠭᠴᠠ ᠭᠦᠷᠡᠯ ᠳᠤ ᠥᠩᠭᠡᠷᠡᠭ᠍ᠰᠡᠨ ᠤ ᠭᠡᠷᠡᠭ᠌ ᠣᠷᠤ ᠳᠠᠰᠤ ᠮᠠᠷᠳᠠᠭᠳᠠᠨ ᠠᠷᠢᠭᠢ ᠭᠦᠵᠡᠭᠡᠯᠡᠵᠤ ᠶᠠᠪᠣᠵᠠᠢ᠃ ᠡᠨᠡ ᠦᠶ᠎ᠡ ᠬᠤᠯᠠᠭᠠᠢ᠌ᠴᠢ ᠶᠢᠨ ᠪᠣᠵᠠᠷ ᠰᠠᠪᠠᠷ ᠳᠠᠭᠢᠨ ᠳᠡᠭᠦᠨ ᠤ ᠠᠳᠤᠭᠤᠨ ᠰᠥᠷᠦᠭ᠌ ᠲᠤ ᠰᠠᠷᠪᠠᠢ᠌ᠵᠤ ᠪᠠᠢ᠌ᠭᠰᠠᠨ ᠢ ᠳᠠᠷᠠ ᠭᠡᠷᠭᠢᠨ ᠮᠡᠳᠡᠭᠦ ᠠᠵᠢ︖

ᠮᠠᠨ ᠤ ᠭᠦᠮᠤᠨ ᠠᠳᠤᠭᠤᠨ ᠳᠤ ᠮᠤᠷᠳᠠᠨ᠎ᠠ ᠭᠡᠤᠨ ᠭᠡᠷ ᠤᠨ ᠭᠦᠮᠦᠰ ᠶᠢᠡᠨ ᠮᠡᠭᠡᠯᠡᠭᠡᠤᠨ ᠭᠠᠷᠪᠠᠯ ᠬᠠᠪᠣᠷᠵᠢᠶ᠎ᠠ ᠣᠳᠤᠷ ᠶᠢᠡᠷ ᠪᠠᠭᠤᠵᠤ ᠪᠠᠶᠠᠨ ᠭᠡᠮᠡᠨ ᠭᠠᠢ᠌ᠬᠠᠭᠤᠯᠤᠨ ᠭᠦᠭᠡᠷᠴᠤ ᠢᠯᠵᠠ ᠰᠤᠭᠳᠤᠨ᠎ᠠ᠃ ᠭᠦᠭᠡᠷᠦᠭᠦᠢ᠂ ᠠᠢ᠌ᠯ ᠤᠨ ᠭᠠᠳᠠᠭ᠎ᠠ ᠣᠶᠠᠭᠳᠠᠭᠰᠠᠨ ᠭᠡᠭᠡᠷ ᠮᠤᠷᠢ ᠯᠠ ᠡᠴᠡᠵᠤ ᠳᠤᠷᠠᠨ ᠡᠵᠡᠨ ᠤ ᠪᠠᠨ 《ᠭᠠᠪᠢᠶ᠎ᠠ》 ᠶᠢ ᠢᠯᠡᠴᠢᠯᠡᠭᠦ ᠰᠢᠭ᠌ ᠶᠠᠰᠤᠨ ᠳᠠᠶᠠᠭ ᠪᠣᠯᠳᠠᠯ᠎ᠠ ᠮᠠᠭᠤᠳᠠᠵᠠᠢ᠃ ᠨᠢᠭᠡ ᠰᠠᠷ᠎ᠠ ᠠᠳᠤᠭᠤᠨ ᠳᠠᠭᠠᠨ ᠮᠤᠷᠳᠠᠭᠰᠠᠨ ᠦᠭᠡᠶ᠂ ᠪᠠᠷᠤᠭ ᠲᠦᠯᠦᠪ ᠶᠢᠡᠷ ᠨᠢ ᠠᠳᠤᠭᠤ ᠪᠠᠨ ᠪᠠᠢ᠌ᠨ᠎ᠠ ᠭᠡᠵᠤ ᠪᠣᠳᠤᠭᠰᠠᠨ ᠭᠦᠷᠡᠯ᠂ ᠨᠢᠭᠡ ᠥᠷᠯᠦᠭᠡ ᠠᠳᠤᠭᠤ ᠪᠠᠨ ᠬᠠᠢ᠌ᠪᠠᠯ ᠶᠠᠭ ᠣᠯᠳᠠᠭᠰᠠᠨ ᠦᠭᠡᠶ᠁

ᠭᠡᠷᠡᠯ ᠭᠠᠯ ᠴᠤ ᠳᠦᠯᠡᠭ᠍ᠰᠡᠨ ᠦᠭᠡᠶ᠂ ᠬᠤᠭᠤᠯᠠ ᠴᠤ ᠪᠠᠵᠠᠭᠠᠭᠰᠠᠨ ᠦᠭᠡᠶ᠂ ᠥᠴᠦᠭᠡᠳᠦᠷ ᠤᠨ ᠬᠠᠳᠠᠭᠰᠠᠨ ᠪᠣᠭᠤᠷᠰᠤᠭ ᠡᠴᠡ ᠪᠠᠨ ᠭᠡᠳᠤ ᠡᠮᠭᠦᠵᠤ ᠨᠠᠩᠬᠤ ᠲᠡᠶ ᠴᠠᠢ ᠪᠠᠨ ᠠᠶᠠᠭᠠᠯᠠᠵᠤ ᠭᠡᠳᠤ ᠪᠠᠯᠭᠤᠭᠰᠠᠨ ᠶᠢᠡᠨ ᠬᠠᠵᠠᠭᠤᠯᠠᠪᠠ᠃ ᠭᠡᠪᠠᠴᠤ ᠭᠦᠷᠡᠯ ᠤᠨ ᠶᠤᠤᠯᠠᠬᠤ ᠳᠠᠭᠤᠨ ᠪᠠ ᠦᠪᠡᠷ ᠤᠨ ᠰᠠᠨᠠᠭᠠᠨ ᠤ ᠣᠢ᠌ᠮᠤᠷᠠᠯ ᠡᠴᠡ ᠪᠣᠯᠵᠤ ᠰᠦᠨᠢ ᠳᠤᠵᠢ ᠨᠢᠳᠤ ᠬᠠᠮᠭᠢᠭᠰᠠᠨ ᠦᠭᠡᠶ᠂ ᠠᠷᠠᠢ ᠥᠤᠷ ᠴᠠᠢ᠌ᠮᠠᠭᠴᠠ ᠬᠠᠷᠠᠢ᠌ᠨ ᠪᠣᠰᠴᠠᠢ᠃

ᠭᠡᠷᠡᠯ ᠥᠷᠯᠦᠭᠡ ᠶᠢᠨ ᠴᠠᠢ ᠪᠠᠨ ᠣᠤᠭᠤᠪᠠ᠃ ᠭᠦᠷᠡᠯ ᠤᠨ ᠶᠤᠤᠯᠠᠬᠤ ᠳᠠᠭᠤᠨ ᠣᠯᠠᠮ ᠭᠡᠴᠡᠭᠦᠳᠡᠵᠤ ᠠᠮᠢ ᠳᠠᠯᠪᠢᠮᠠᠷ ᠰᠢᠭ ᠪᠠᠢ᠌ᠭᠰᠠᠨ ᠶᠢᠡᠨ ᠡᠴᠦᠰ ᠲᠡᠭᠡᠨ ᠡᠮᠴᠢ ᠵᠠᠯᠠᠬᠤ ᠶᠢ ᠭᠤᠶᠤᠴᠢᠯᠠᠪᠠ᠃ ᠭᠡᠷᠡᠯ ᠬᠤᠤᠷ ᠢ ᠨᠢ ᠮᠠᠯᠳᠠᠵᠤ ᠭᠡᠳᠤᠨ ᠥᠭᠡ ᠰᠤᠨᠤᠰᠬᠠᠭᠰᠠᠨ ᠪᠣᠯᠪᠠᠴᠤ ᠬᠠᠷ᠎ᠠ ᠭᠦᠮᠤᠨ ᠤ ᠪᠠᠨ ᠭᠦᠵᠦᠭᠦᠤ ᠪᠠᠶ᠎ᠠ ᠪᠠᠷ ᠨᠢ ᠣᠯᠠᠭᠠᠨ ᠣᠯᠠᠭᠠᠨ ᠳᠤᠯᠪᠣ ᠭᠠᠷᠤᠭᠰᠠᠨ ᠢ ᠥᠵᠡᠭᠡᠤᠨ ᠳᠡᠰᠭᠡᠯ ᠦᠭᠡᠶ ᠡᠮᠴᠢ ᠬᠠᠢ᠌ᠬᠤ ᠪᠠᠷ ᠭᠦᠶ‍ᠦᠵᠡᠢ᠃

ᠭᠠᠴᠠᠭ᠎ᠠ ᠶᠢᠨ ᠭᠢᠨ ᠡᠮᠴᠢ ᠴᠡᠴᠡᠭ᠌ ᠭᠡᠷᠡᠯ ᠭᠦᠭ᠍ᠰᠢᠨ ᠤ ᠣᠴᠢᠷ ᠢ ᠰᠤᠨᠤᠰᠤᠭᠰᠠᠨ ᠶᠢᠡᠨ 《ᠳᠡᠭᠡᠷ᠎ᠡ ᠭᠡᠳᠤᠨ ᠣᠳᠠᠭᠠᠨ ᠤ ᠡᠮ ᠤᠨ ᠵᠤᠭᠤᠰ ᠶᠢᠡᠨ ᠴᠤ ᠥᠭ᠍ᠴᠤ ᠳᠡᠢ᠌ᠯᠭᠦ ᠦᠭᠡᠶ ᠪᠠᠢ᠌ᠭᠠᠤᠨ ᠁ ᠳᠠᠷᠠ ᠠᠪᠣ ᠶᠢᠨ ᠭᠠᠨ ᠮᠤᠤ (ᠭᠢᠮᠤᠷᠠᠭ᠎ᠠ) ᠪᠢᠰᠢ᠂ ᠪᠠᠰᠠ ᠯᠠ ᠵᠢᠤ ᠮᠤᠤ (ᠠᠷᠢᠭᠢᠨ ᠤ ᠭᠡᠮ) ᠪᠠᠢ᠌ᠯᠭᠦᠢ ᠁》 ᠭᠡᠵᠤ ᠳᠤᠭᠤᠭᠰᠠᠨ ᠰᠢᠠᠵᠢ ᠦᠭᠡᠶ ᠥᠭᠦᠯᠡᠯ᠎ᠡ᠃

《ᠭᠡᠦᠭᠡ᠂ ᠡᠵᠢ ᠨᠢ ᠡᠷᠳᠡ ᠣᠷᠤᠢ ᠵᠤᠭᠤᠰ ᠢ ᠴᠢᠨᠢ ᠪᠣᠳᠤᠵᠤ ᠦᠭ‍ᠭᠦᠶ᠎ᠡ᠂ ᠳᠠᠪᠤᠨ ᠮᠥᠩᠭᠦ ᠶᠢᠨ ᠭᠦᠤ ᠲᠡᠶ ᠴᠤ ᠪᠣᠯᠤᠨ᠎ᠠ》 ᠭᠡᠭᠦ ᠭᠦᠭ᠍ᠰᠢᠨ ᠤ ᠦᠨᠡᠨ ᠰᠠᠤᠠᠭᠢᠯ ᠤᠨ ᠥᠭᠡ ᠶᠢ ᠰᠤᠨᠤᠰᠤᠭᠠᠤᠨ ᠰᠠ‍‌ᠶᠢ ᠴᠡᠴᠡᠭ᠌ ᠭᠡᠦᠭᠡᠨ ᠳᠤᠷ᠎ᠠ ᠲᠡᠶ ᠳᠤᠷ᠎ᠠ ᠦᠭᠡᠶ ᠭᠦᠳᠡᠯᠵᠡᠢ᠃

ᠡᠮᠴᠢ ᠭᠡᠦᠭᠡᠨ ᠭᠦᠷᠡᠯ ᠤᠨ ᠵᠤᠭᠤᠷᠢ ᠳᠤ ᠪᠣᠯᠠᠭᠰᠠᠨ ᠬᠤᠭᠤᠴᠠᠭ᠎ᠠ ᠨᠢ ᠭᠡᠳᠦᠷᠡᠭ᠍ᠰᠡᠨ ᠫᠢᠸᠤ᠋ ᠣᠤᠭᠤᠭᠠᠤᠨ ᠬᠤᠤᠷᠳᠠᠭᠰᠠᠨ ᠢ ᠳᠤᠳᠤᠯᠠᠪᠠ᠃ ᠳᠡᠭᠡᠭᠡᠤᠨ ᠡᠪᠠᠦᠡᠴᠢᠳᠡᠨ ᠳᠤ ᠶᠡᠭᠦᠯᠡᠭᠦ ᠡᠮ ᠳᠡᠭᠦᠵᠢᠯᠡᠵᠤ ᠦᠭ‍ᠭᠦᠭ᠍ᠰᠡᠨ ᠶᠢᠡᠨ ᠪᠣᠷᠤ ᠮᠦᠷ ᠶᠢᠡᠷ ᠶᠢᠡᠨ ᠪᠣᠴᠠᠵᠠᠢ᠃

ᠭᠡᠰᠡᠭ᠌ ᠬᠤᠭᠤᠴᠠᠭ᠎ᠠ ᠥᠩᠭᠡᠷᠡᠭᠡᠤᠨ ᠭᠦᠷᠡᠯ ᠤᠨ ᠪᠠᠶ᠎ᠠ ᠨᠠᠯᠢᠶᠠᠤᠨ ᠰᠠᠢ᠌ᠵᠢᠷᠠᠪᠠ᠃ ᠨᠢᠭᠡ ᠡᠳᠦᠷ᠂ ᠭᠠᠴᠠᠭᠠᠨ ᠤ ᠱᠦᠵᠢ ᠪᠠᠳᠤ ᠠᠯᠤᠰ ᠡᠵᠡᠮᠰᠢᠯᠳᠤ ᠳ᠋ᠢᠶᠠᠩᠬᠤᠧᠨ ᠣᠭᠰᠠᠷᠠᠭᠤᠯᠬᠤ ᠪᠠᠷ ᠠᠷᠪᠠᠭᠠᠤᠨ ᠭᠦᠮᠤᠨ ᠢ ᠳᠠᠭᠠᠭᠤᠯᠤᠨ ᠭᠦᠷᠡᠯ ᠤᠨ ᠳᠤ ᠭᠦᠷᠴᠤ ᠳᠠᠳᠠᠨ ᠤ ᠳᠤ ᠰᠠᠭᠤᠯᠭᠠᠬᠤ ᠪᠠᠷ ᠵᠦᠪᠳᠠᠵᠠᠢ᠃ ᠵᠤᠭᠢᠬᠤ ᠬᠠᠷᠠᠮᠵᠢ ᠲᠡᠶ ᠪᠠᠷ ᠭᠦᠷᠡᠯ ᠤᠨ ᠭᠢᠨ ᠠᠵᠢᠯᠴᠢᠨ ᠤ ᠭᠤᠷᠪᠠᠨ ᠴᠠᠭ ᠤᠨ ᠬᠤᠭᠤᠯᠠ ᠶᠢ ᠪᠡᠯᠡᠳᠭᠡᠵᠤ ᠦᠭ‍ᠭᠦ ᠪᠠᠷ ᠳᠤᠭᠳᠠᠪᠠ᠃ ᠡᠨᠡ ᠦᠶ᠎ᠡ ᠳᠤ ᠪᠣᠰᠤᠳ ᠲᠤ ᠭᠦᠯᠦᠰᠤᠨ ᠭᠦᠴᠤ ᠶᠠᠪᠣᠭ᠎ᠠ ᠣᠳᠬᠤᠨ ᠭᠦᠤ ᠬᠠᠰ ᠡᠴᠡ ᠨᠢ ᠡᠵᠢ ᠪᠠᠨ ᠢᠷᠠᠵᠤ ᠢᠮᠠᠭ᠎ᠠ ᠰᠠᠮᠨᠠᠬᠤ ᠠᠵᠢᠯ ᠳᠤ ᠬᠠᠪᠰᠤᠷᠴᠤ ᠦᠭ‍ᠭᠦ ᠶᠢ ᠭᠦᠰᠡᠵᠡᠢ᠃ ᠭᠡᠷᠡᠯ᠂ ᠡᠪᠦᠭᠡᠨ ᠤ ᠪᠠᠨ ᠣᠷᠴᠢᠮ ᠤᠨ ᠢᠯᠠᠷᠠᠯ ᠰᠠᠢ᠌ᠨ ᠪᠠᠢ᠌ᠭ᠎ᠠ ᠶᠢ ᠪᠣᠳᠤᠭᠠᠤᠨ ᠪᠢᠳᠡᠭᠡᠢ ᠠᠷᠢᠭᠢ ᠣᠤᠭᠤ ᠭᠡᠵᠤ ᠠᠭᠢᠨ ᠳᠠᠭᠢᠨ ᠰᠠᠨᠠᠭᠤᠯᠵᠤ ᠭᠦᠤ ᠶᠢᠨ ᠶᠢᠡᠨ ᠬᠣᠢ᠌ᠨ᠎ᠠ ᠡᠴᠡ ᠶᠠᠪᠣᠯ᠎ᠠ᠃

ᠵᠢᠷᠭᠤᠭᠠᠨ ᠰᠠᠷ᠎ᠠ ᠣᠢ᠌ᠷᠠᠳᠤᠭᠰᠠᠨ ᠬᠤᠷᠴᠢᠨ ᠨᠤᠳᠤᠭ ᠣᠷᠢ ᠳᠤᠯᠠᠭᠠᠨ ᠡᠷᠢᠨ ᠶᠢᠡᠨ ᠣᠭᠳᠤᠵᠤ ᠣᠰᠤᠨ ᠰᠢᠪᠠᠭᠤᠳ ᠱᠤᠯᠤᠭᠠᠨᠠᠨ ᠣᠶᠠᠩᠭ᠋᠎ᠠ ᠡᠭᠡᠰᠢᠭ᠌ ᠤᠨ ᠠᠭᠤᠷ ᠠᠮᠢᠰᠬᠤᠯ ᠳᠦᠭᠦᠷᠦᠭ᠍ᠰᠡᠨ ᠨᠠᠢ᠌ᠷᠰᠠᠭ ᠡᠳᠦᠷ ᠤᠳ ᠶᠢᠡᠷ ᠪᠢᠯᠬᠠᠵᠤ ᠪᠠᠢ᠌ᠯ᠎ᠠ᠃ ᠭᠡᠷᠡᠯ ᠦᠪᠡᠷ ᠤᠨ ᠭᠤᠴᠢᠭᠠᠤᠨ ᠢᠮᠠᠭ᠎ᠠ ᠪᠠᠨ ᠰᠠᠮᠨᠠᠵᠤ ᠳᠠᠭᠤᠰᠬᠠᠭᠠᠤᠨ ᠠᠢ᠌ᠯ ᠤᠨ ᠡᠵᠡᠨ ᠢ ᠨᠢ ᠬᠠᠮᠵᠢᠨ ᠢᠮᠠᠭ᠎ᠠ ᠶᠢ ᠨᠢ ᠰᠠᠮᠨᠠᠵᠤ ᠪᠣᠷᠪᠢ ᠨᠤᠭᠤᠯᠤᠯ ᠦᠭᠡᠶ ᠶᠠᠭᠠᠷᠠᠪᠠ᠃ ᠡᠳᠡᠭᠡᠷ ᠡᠳᠦᠷ ᠤᠳ ᠲᠤ ᠳᠠᠷᠠ ᠪᠠᠶᠠᠷ ᠲᠡᠶ ᠪᠠᠢ᠌ᠭᠰᠠᠨ ᠴᠤ ᠨᠢᠭᠡ ᠥᠷᠯᠦᠭᠡ ᠬᠤᠨᠢᠨ ᠳᠤ ᠭᠠᠷᠬᠤ ᠪᠠᠷ ᠪᠡᠯᠡᠳᠭᠡᠵᠤ ᠪᠠᠢ᠌ᠭ᠎ᠠ ᠭᠦᠤ ᠪᠠᠨ ᠬᠠᠷᠠᠭᠠᠤᠨ ᠦᠪᠡᠷ ᠤᠨ ᠡᠷᠭᠡ ᠦᠭᠡᠶ ᠭᠦᠨ ᠪᠣᠳᠤᠯᠭᠠᠰᠢᠷᠠᠯ ᠳᠤ ᠠᠪᠳᠠᠯ᠎ᠠ᠃ ᠭᠦᠤ ᠨᠢ ᠠᠷᠪᠠᠨ ᠳᠤᠯᠤᠭ᠎ᠠ ᠲᠡᠶ᠂ ᠭᠦᠮᠤᠨ ᠢ ᠦᠯᠦ ᠢᠳᠠᠭᠡᠭᠦᠯᠦᠮ᠎ᠡ ᠦᠨᠳᠦᠷ ᠪᠦᠳᠦᠭᠦᠨ ᠪᠠᠶ᠎ᠠ ᠲᠡᠶ ᠴᠤ ᠭᠦᠯᠦᠰᠤᠨ ᠭᠦᠳᠡᠯᠮᠦᠷᠢ ᠳᠤ ᠣᠨᠤᠭᠳᠠᠨ ᠨᠠᠷᠠᠨ ᠳᠤ ᠬᠠᠯᠠᠵᠤ ᠭᠦᠢᠳᠡᠨ ᠳᠤ ᠭᠦᠷᠦᠵᠤ ᠭᠦᠳᠡᠭᠡ ᠭᠦᠭᠡᠷᠡᠵᠤ ᠭᠠᠳᠠᠭ᠎ᠠ ᠭᠠᠩᠳᠠᠵᠤ ᠬᠠᠯᠠ ᠠᠮᠰᠠᠵᠤ ᠪᠠᠢ᠌ᠨ᠎ᠠ ᠳ᠋ᠠ ᠭᠡᠭᠦ ᠡᠴᠡ ᠭᠡᠷᠡᠯ ᠤᠨ ᠨᠢᠳᠤ ᠬᠠᠯᠤᠷᠢᠨ᠎ᠠ᠃ ᠶᠡᠭᠡ ᠰᠤᠷᠭᠠᠭᠤᠯᠢ ᠳᠤ ᠣᠷᠤᠭᠰᠠᠨ ᠣᠤᠭᠠᠨ ᠭᠦᠤ ᠪᠠᠨ ᠲᠦᠮᠡ ᠳᠦᠴᠢᠭᠢᠨᠠᠯᠳᠤᠵᠤ ᠪᠣᠮ ᠪᠣᠵᠢᠭᠢᠨᠠᠯᠳᠤᠭᠰᠠᠨ ᠬᠤᠳᠠ ᠶᠢᠨ ᠠᠮᠢᠳᠤᠷᠠᠯ ᠳᠤ ᠵᠤᠭᠤᠰ ᠮᠥᠩᠭᠦ ᠪᠠᠷ ᠬᠤᠮᠰᠠᠳᠠᠵᠤ ᠪᠠᠢ᠌ᠯᠭᠦᠢ ᠭᠡᠵᠤ ᠪᠣᠳᠤᠬᠤ ᠡᠴᠡ ᠴᠤ ᠳᠡᠭᠦᠨ ᠤ ᠵᠢᠷᠦᠭᠡ ᠰᠢᠮᠰᠢᠷᠠᠨ᠎ᠠ᠂ ᠪᠠᠰᠠ ᠦᠬᠢᠨ ᠤ ᠪᠠᠨ ᠳᠦᠯᠦᠭᠡ ᠁

ᠭᠦᠷᠡᠯ ᠭᠡᠭᠦ ᠪᠣᠳᠤᠯ ᠳᠠᠭᠢᠨ ᠳᠠᠷᠢᠭᠢᠨ ᠳ᠋ᠤᠨᠢ ᠬᠠᠷᠪᠤᠨ ᠣᠷᠤᠵᠤ ᠢᠷᠡᠭᠦ ᠭᠢᠷᠢ ᠳᠠᠷᠠ ᠰᠠᠨᠠᠭ᠎ᠠ ᠠᠯᠳᠠᠪᠠ᠃ ᠭᠦᠷᠡᠯ ᠳᠠᠩᠴᠢ ᠣᠬᠠᠭ᠎ᠠ ᠮᠠᠭᠤᠳᠠᠢ ᠪᠠᠢ᠌ᠨ᠎ᠠ ᠳ᠋ᠠ᠂ ᠥᠭᠡᠢ᠌ᠭᠦᠤ ᠬᠤᠭᠤᠰᠤᠨ ᠪᠠᠢ᠌ᠬᠤ ᠪᠠᠨ ᠮᠡᠳᠡᠭᠦ ᠦᠭᠡᠶ ᠡᠳᠦᠷᠵᠢᠨ ᠠᠷᠢᠭᠢ ᠣᠤᠭᠤᠬᠤ ᠶᠢ ᠪᠣᠳᠤᠵᠤ ᠠᠭᠰᠤᠮ ᠳᠠᠯᠪᠢᠬᠤ ᠶᠢ ᠯᠠ ᠮᠠᠳᠠᠨ᠎ᠠ᠃ ᠭᠡᠷᠡᠯ ᠭᠦᠭ᠍ᠰᠢᠨ ᠤ ᠨᠢᠳᠤᠨ ᠳᠤ ᠵᠠᠢ᠌ᠷ ᠭᠦᠶ‍ᠦᠵᠤ ᠰᠥᠷᠡᠭᠡᠢ ᠭᠤᠮᠤᠷᠬᠠᠪᠠ᠃ ᠭᠡᠪᠠᠴᠤ ᠭᠡᠦᠭᠡᠤᠨ ᠤᠨ ᠶᠢᠡᠨ ᠰᠠᠢ᠌ᠨ ᠢ ᠯᠠᠪ ᠦᠵᠡᠨ᠎ᠠ ᠭᠡᠵᠤ ᠵᠤᠷᠢᠭᠵᠢᠬᠤ ᠡᠴᠡ ᠰᠠᠤᠠᠭᠢᠯ ᠨᠢ ᠰᠠᠷᠠᠭᠤᠯᠵᠢᠨ ᠠᠵᠢᠯ ᠳᠠᠭᠠᠨ ᠭᠠᠷᠤᠯ᠎ᠠ᠃

ᠢᠮᠠᠭ᠎ᠠ ᠰᠠᠮᠨᠠᠬᠤ ᠠᠵᠢᠯ ᠬᠠᠭᠠᠰ ᠰᠠᠷ᠎ᠠ ᠢᠯᠡᠭᠦᠤ ᠥᠷᠭᠦᠯᠵᠢᠯᠡᠭᠡᠤᠨ ᠳᠠᠭᠤᠰᠪᠠ᠃ ᠭᠡᠷᠡᠯ ᠴᠤ ᠭᠡᠷ ᠲᠡᠭᠡᠨ ᠬᠠᠷᠢᠬᠤ ᠪᠠᠷ ᠪᠣᠯᠤᠯ᠎ᠠ᠃ ᠵᠠᠮ ᠤᠨ ᠭᠤᠳᠤᠰ ᠲᠤ ᠰᠠᠷ ᠰᠠᠷ ᠬᠠᠪᠣᠷ ᠤᠨ ᠰᠠᠯᠭᠢ ᠡᠮᠦᠨ᠎ᠡ ᠡᠴᠡ ᠨᠢ ᠦᠯᠢᠶᠠᠵᠤ ᠰᠡᠪᠠᠭᠦᠨ ᠨᠤᠭᠤᠭᠠᠨ ᠤ ᠦᠨᠦᠷ ᠰᠠᠳᠭᠢᠯ ᠭᠦᠪᠭᠢᠯᠵᠡᠭᠦᠯᠦᠮ᠎ᠡ ᠪᠣᠯᠪᠠᠴᠤ ᠭᠡᠷᠡᠯ ᠭᠦᠭ᠍ᠰᠢᠨ ᠪᠠᠶᠠᠷᠯᠠᠵᠤ ᠴᠢᠳᠠᠭᠰᠠᠨ ᠦᠭᠡᠶ᠂ ᠨᠥᠭᠦᠭᠡᠳᠡᠭᠢ ᠭᠦᠷᠡᠯ ᠤᠨ ᠭᠦᠯᠴᠦᠭᠦᠤ ᠰᠤᠭᠳᠤᠭᠤ ᠳᠦᠷᠢ ᠴᠠᠭ ᠥᠷᠭᠦᠯᠵᠢᠳᠡ ᠳᠤᠳᠤᠷᠠᠨ᠂ ᠪᠠᠰᠠ ᠴᠤ ᠭᠦᠮᠤᠨ ᠳᠤ ᠵᠤᠭᠤᠰ ᠦᠭᠡᠶ ᠰᠢ ᠥᠵᠡᠭᠦᠯᠵᠤ ᠪᠠᠢ᠌ᠯᠭᠦᠢ ᠭᠡᠭᠦ ᠡᠴᠡ ᠲᠦᠮᠡ ᠪᠣᠮᠠᠨ ᠪᠣᠳᠤᠯ ᠳᠤ ᠣᠷᠢᠶᠠᠭᠳᠠᠨ ᠳᠦᠭ᠍ᠰᠢᠭᠦ ᠵᠢᠷᠦᠭᠡ ᠪᠠᠨ ᠳᠠᠷᠤᠰᠭᠢᠵᠤ ᠠᠷᠠᠢ ᠶᠠᠳᠠᠨ ᠭᠡᠷ ᠲᠡᠭᠡᠨ ᠭᠦᠷᠦᠭ᠍ᠰᠡᠨ ᠪᠢᠯᠠ᠃

ᠭᠡᠷ ᠤᠨ ᠭᠠᠳᠠᠨ᠎ᠠ ᠨᠢ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠶᠢᠨ ᠮᠠᠰᠢᠨ ᠵᠤᠭᠰᠤᠵᠤ ᠪᠠᠢ᠌ᠯ᠎ᠠ᠃ ᠣᠳᠤ ᠴᠤ ᠪᠠᠷᠠᠵᠠᠢ᠂ ᠪᠣᠳᠤᠭᠰᠠᠨ ᠡᠴᠡ ᠭᠠᠷᠤᠭᠰᠠᠨ ᠦᠭᠡᠶ ᠶᠠᠷᠰᠢᠭ ᠳᠦᠪᠠᠭ᠌ ᠴᠢᠷᠤᠯ᠎ᠠ ᠳ᠋ᠠ᠃ ᠭᠦᠭ᠍ᠰᠢᠨ ᠭᠡᠷ ᠲᠡᠭᠡᠨ ᠶᠠᠭᠠᠭᠢᠵᠤ ᠣᠷᠤᠭᠰᠠᠨ ᠶᠢᠡᠨ ᠮᠡᠳᠡᠭ᠍ᠰᠡᠨ ᠦᠭᠡᠶ ᠪᠠᠷ ᠣᠷᠤᠵᠤ ᠣᠴᠢᠬᠤ ᠳᠤ᠂ ᠪᠠᠶᠠᠷ ᠤᠨ ᠮᠦᠰᠢᠶᠠᠯ ᠪᠢᠯᠬᠠᠭᠰᠠᠨ ᠳᠠᠨᠢᠬᠤ᠂ ᠳᠠᠨᠢᠬᠤ ᠦᠭᠡᠶ ᠣᠯᠠᠨ ᠭᠦᠮᠦᠰ ᠤᠨ ᠴᠢᠷᠠᠢ ᠬᠠᠷᠠᠭᠳᠠᠬᠤᠯᠠᠷ ᠰᠠ‍‌ᠶᠢ ᠠᠭᠤᠵᠢᠷᠠᠳᠠᠯ᠎ᠠ ᠨᠢᠭᠡ ᠠᠮᠢᠰᠬᠤᠵᠤ ᠠᠪᠣᠪᠠ᠃

᠊᠊᠊᠊᠊᠊᠊᠊᠊᠊᠊᠊᠊᠊᠊ ᠵᠠ᠂ ᠪᠠᠷᠭᠡᠨ ᠡ᠂ ᠰᠠᠢ᠌ᠨ ᠪᠠᠢ᠌ᠨ᠎ᠠ ᠦᠦ︖ ᠭᠡᠵᠤ ᠥᠡᠳᠦᠷᠭᠡᠨ ᠪᠠᠶ᠎ᠠ ᠲᠡᠶ ᠳᠦᠴᠢᠨ ᠭᠡᠳᠤᠨ ᠨᠠᠰᠤᠨ ᠤ ᠳᠦᠪᠯᠡᠭᠦᠨ ᠴᠢᠷᠠᠢ᠌ᠳᠠᠢ ᠨᠢᠭᠡ ᠡᠷᠡᠭ᠍ᠳᠡᠢ ᠮᠠᠠᠳᠤ ᠣᠰᠤ ᠠᠰᠠᠭᠤᠯᠴᠠᠭᠰᠠᠨ ᠨᠢ ᠰᠢᠨᠡᠭᠡᠨ ᠳᠤᠰᠢᠶᠠᠯ ᠳᠤ ᠭᠠᠷᠤᠭᠰᠠᠨ ᠰᠤᠮᠤᠨ ᠳᠠᠷᠤᠭ᠎ᠠ ᠪᠠᠢ᠌ᠯ᠎ᠠ᠃ ᠪᠠᠰᠠ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠶᠢᠨ ᠳᠠᠷᠤᠭ᠎ᠠ ᠴᠠᠭᠳᠠᠭ᠎ᠠ ᠨᠡᠷ ᠪᠠᠢ᠌ᠨ᠎ᠠ᠃ ᠳᠠᠳᠠ ᠭᠡᠷᠡᠯ ᠭᠦᠭ᠍ᠰᠢᠨ ᠲᠡᠶ ᠨᠢᠭᠡ ᠨᠢᠭᠡ ᠪᠠᠷ ᠶᠢᠡᠨ ᠮᠡᠡᠳᠦᠯᠡᠯᠴᠡᠭ᠍ᠰᠡᠨ ᠤ ᠳᠠᠷᠠᠭ᠎ᠠ ᠪᠠᠶᠠᠷ ᠤᠨ ᠴᠢᠮᠡᠭᠡ ᠳᠠᠮᠵᠢᠭᠤᠯᠵᠤ ᠥᠭ᠍ᠴᠡᠢ᠃

ᠭᠦᠷᠡᠯ ᠭᠡᠳᠥᠢᠪᠠᠷ ᠦᠪᠡᠷ ᠤᠨ ᠠᠯᠠᠩ ᠳᠠᠭᠠᠨ ᠠᠳᠤᠭᠤ ᠪᠠᠨ ᠭᠡᠭᠡᠭ᠍ᠰᠡᠨ ᠪᠣᠯᠪᠠᠴᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠶᠢᠨ ᠭᠢᠨ ᠪᠠᠰᠠ ᠬᠠᠷᠢᠭᠤᠴᠠᠯᠭ᠎ᠠ ᠲᠡᠶ ᠶᠤᠮ ᠭᠡᠨ᠎ᠡ᠂ (ᠥᠭᠡᠷ᠎ᠡ ᠭᠡᠳᠤᠨ ᠰᠤᠮᠤᠨ ᠳᠤ ᠴᠤ ᠠᠳᠤᠭᠤ ᠪᠠᠨ ᠬᠤᠯᠠᠭᠠᠢ ᠳᠤ ᠠᠯᠳᠠᠭᠰᠠᠨ ᠶᠠᠪᠣᠳᠠᠯ ᠭᠠᠷᠴᠤ ᠥᠩᠭᠡᠷᠡᠵᠡᠢ᠃) ᠳᠠᠭᠠᠭᠤᠯᠡᠷ ᠴᠠᠭᠳᠠᠭ᠎ᠠ ᠨᠡᠷ ᠣᠳᠤ ᠪᠠᠷ ᠶᠢᠡᠨ ᠬᠤᠯᠠᠭᠠᠢ᠌ᠴᠢ ᠶᠢᠨ ᠭᠡᠷᠡᠭ᠌ ᠢ ᠳᠠᠩᠨᠠᠨ ᠮᠦᠷᠳᠠᠵᠤ ᠪᠠᠢ᠌ᠬᠤ ᠪᠠᠨ ᠮᠡᠳᠡᠭ᠍ᠳᠡᠭᠦ ᠶᠢᠨ ᠬᠠᠮᠳᠤ ᠠᠳᠤᠭᠤ ᠪᠠᠨ ᠭᠡᠭᠡᠭ᠍ᠰᠡᠨ ᠠᠢ᠌ᠯ ᠳᠤ ᠬᠤᠰᠢᠭᠤᠨ ᠵᠠᠰᠠᠭ ᠡᠴᠡ ᠲᠦᠮᠡᠨ ᠳᠦᠭᠦᠷᠢᠭ᠌ ᠤᠨ ᠬᠠᠷᠠᠭᠠᠯᠵᠠᠯ ᠮᠥᠩᠭᠦ ᠦᠭ‍ᠭᠦ ᠪᠠᠷ ᠪᠠᠢ᠌ᠭ᠎ᠠ ᠶᠢ ᠮᠡᠳᠡᠭ᠍ᠳᠡᠪᠡ᠃

ᠭᠦᠭ᠍ᠰᠢᠨ ᠤ ᠨᠢᠳᠤᠨ ᠡᠴᠡ ᠪᠠᠶᠠᠷ ᠤᠨ ᠨᠢᠯᠪᠣᠰᠤ ᠠᠰᠬᠠᠷᠠᠵᠤ ᠪᠠᠢ᠌ᠯ᠎ᠠ᠃


ᠬᠠᠶ‍ᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ

ᠵᠤᠬᠢᠶᠠᠭᠴᠢ᠄ ᠮᠠᠠᠳᠤᠬᠤ
ᠢᠷᠡᠯᠲᠡ᠄ ᠮᠠᠠᠳᠤᠬᠤ
ᠬᠠᠷᠢᠶ᠎ᠠ᠄ ᠥᠭᠥᠯᠡᠯᠭᠡ
ᠳᠠᠷᠤᠮ᠄ 23972
ᠴᠠᠭ᠄ 2008 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ