ᠨᠡᠪᠲᠡᠷᠡᠨ ᠤᠷᠤᠬᠤ
ᠵᠡᠭᠦᠳᠤ

1

ᠠᠮᠢᠳᠤᠷᠠᠯ ᠤᠨ ᠵᠠᠮ ᠳ᠋ᠤ

ᠠᠯᠬᠤᠭ᠎ᠠ ᠨᠡᠢ᠌ᠯᠡᠭᠦᠯᠵᠤ

ᠮᠦᠷᠦᠭᠡᠳᠦᠯ ᠤᠨ ᠬᠠᠷᠭᠤᠢ ᠳ᠋ᠤ

ᠮᠦᠷᠤ ᠵᠡᠷᠭᠡᠴᠡᠭ᠍ᠰᠡᠨ

ᠠᠯᠳᠠᠨ ᠦᠶ᠎ᠡ ᠶᠢᠨ ᠠᠠᠳᠠ ᠨᠤᠭᠤᠳ ᠮᠢᠨᠢ︕

ᠠᠰᠢᠳᠠ ᠳᠠᠭᠤᠷᠢᠰᠬᠤ ᠢᠨᠢᠶᠠᠳᠤ ᠮᠢᠨᠢ︕

ᠭᠢᠯᠢ ᠦᠭᠡᠶ ᠰᠡᠳᠭᠢᠯ ᠮᠢᠨᠢ

ᠭᠡᠭᠡ ᠦᠭᠡᠶ ᠳᠤ ᠰᠡᠭᠦᠳᠡᠷ ᠮᠢᠨᠢ

ᠬᠤᠵᠢᠮ ᠨᠢ ᠰᠠᠯᠤᠭᠰᠠᠨ ᠣᠷᠤᠰᠬᠠᠯ ᠮᠢᠨᠢ

ᠬᠤᠯᠠ ᠡᠴᠡ ᠳᠠᠭᠤᠷᠢᠰᠬᠤ ᠤᠶᠠᠩ‍ᠭ᠎ᠠ ᠮᠢᠨᠢ

ᠳᠤᠯᠢᠮᠠᠭ ᠳᠠᠢᠷᠢ ᠶᠢᠨ ᠣᠳᠤᠳ ᠰᠢᠭ

ᠡ᠊ᠨᠳᠡ᠂ ᠳᠠᠠᠳᠠ ᠦᠭᠡᠶ ᠪᠣᠳᠠᠷᠠᠭᠰᠠᠨ ᠴᠤ

ᠳᠤᠯᠭᠢᠶᠠᠨ ᠬᠤᠷᠢᠶᠠᠬᠤ ᠮᠠᠰᠢᠨ ᠰᠢᠭ

ᠠᠶᠠᠰ ᠢ ᠮᠢᠨᠢ ᠬᠠᠢ᠌ᠭᠠᠷᠠᠢ︕

ᠰᠢᠯᠦᠭ᠌ ᠲᠤ ᠨᠠᠢ᠌ᠵᠠ ᠶᠢᠨ ᠵᠢᠠᠨ

ᠰᠢᠯᠦᠭᠯᠡᠭᠦ ᠶᠢ ᠰᠤᠨᠤᠰᠤᠭᠠᠷᠠᠢ︕

ᠳᠠᠭᠤᠨ ᠳᠤ ᠳᠤᠷᠠᠳᠠᠢ ᠠᠠᠳᠠ ᠶᠢᠨ ᠵᠢᠠᠨ

ᠳᠠᠭᠤᠯᠠᠬᠤ ᠶᠢ ᠴᠢᠩᠨᠠᠭᠠᠷᠠᠢ︕

       2

ᠰᠢᠯᠦᠭ᠌ ᠲᠤ ᠳᠤᠷᠠᠳᠠᠢ ᠨᠠᠢ᠌ᠵᠠ ᠨᠢ

ᠰᠢᠯᠦᠭᠯᠡᠵᠤ ᠦᠵᠡᠶ᠎ᠠ ᠭᠡᠭᠦ ᠳ᠋ᠤ

ᠳᠠᠭᠤᠨ ᠳᠤ ᠳᠤᠷᠠᠳᠠᠢ ᠠᠠᠳᠠ ᠨᠢ

ᠳᠠᠭᠤᠯᠠᠵᠤ ᠦᠵᠡᠶ᠎ᠠ ᠭᠡᠭᠦ ᠳ᠋ᠤ

ᠰᠡᠳᠭᠢᠯ ᠡᠵᠡᠮᠳᠡᠭ᠍ᠰᠡᠨ ᠠᠶᠠᠯᠭᠤ

ᠰᠠᠨᠠᠭᠠᠨ ᠤ ᠥᠵᠦᠭᠦᠷ ᠴᠤᠬᠤᠯᠵᠠᠭᠠᠤᠨ ᠪᠠᠢ᠌ᠨ᠎ᠠ᠂

ᠰᠠᠢ᠌ᠬᠠᠨ ᠠᠠᠳᠠ ᠪᠠᠨ ᠳᠠᠭᠤᠯᠠᠬᠤ ᠭᠡᠳ

ᠰᠠᠷᠠᠯ ᠳᠤ ᠭᠦᠷᠳᠡᠯ᠎ᠡ ᠣᠩᠭ᠋ᠤᠳ ᠪᠠᠭᠤᠨ᠎ᠠ᠂

ᠪᠣᠳᠤᠯ ᠡᠵᠡᠮᠳᠡᠭ᠍ᠰᠡᠨ ᠠᠶᠠᠯᠭᠤ

ᠪᠢᠷ ᠤᠨ ᠥᠵᠦᠭᠦᠷ ᠲᠤ ᠥᠡᠳᠡᠯᠵᠡᠭᠡᠳ ᠪᠠᠢ᠌ᠨ᠎ᠠ᠂

ᠪᠠᠭ᠎ᠠ ᠶᠢᠨ ᠠᠠᠳᠠ ᠪᠠᠨ ᠳᠤᠷᠠᠰᠬᠤ ᠭᠡᠳ

ᠪᠠᠯ ᠨᠢ ᠭᠦᠷᠳᠡᠯ᠎ᠡ ᠭᠦᠶ‍ᠦᠭᠡᠳ ᠪᠠᠢ᠌ᠨ᠎ᠠ᠂

ᠪᠠᠢ᠌ᠵᠠ ᠭᠡᠮ︕ ᠰᠡᠳᠭᠢᠯ ᠮᠢᠨᠢ

ᠪᠣᠯᠵᠠ ᠭᠡᠮ︕ ᠪᠣᠳᠤᠯ ᠮᠢᠨᠢ

       3

ᠪᠠᠢ᠌ᠵᠠ ᠭᠡᠮ᠂ ᠪᠣᠯᠵᠠ ᠭᠡᠮ

ᠪᠣᠳᠤᠯ ᠰᠡᠳᠭᠢᠯ ᠬᠤᠶᠠᠷ ᠮᠢᠨᠢ

ᠦᠷ ᠰᠦᠨᠢ ᠶᠢᠨ ᠵᠠᠭᠠᠭ ᠶᠢᠡᠷ ᠵᠡᠭᠦᠳᠤ ᠢᠷᠡᠭ᠍ᠰᠡᠨ ᠶᠤᠮ ᠰᠠᠨ︕

ᠡᠭᠡᠰᠢᠭ᠌ ᠢᠷᠠᠭᠤ ᠳᠠᠭᠤᠨ ᠤ ᠠᠶ᠎ᠠ ᠭᠦᠭᠯᠡᠭ᠍ᠰᠡᠨ ᠶᠤᠮ ᠰᠠᠨ︕


ᠦᠷ ᠶᠢᠡᠷ ᠢᠷᠡᠭ᠍ᠰᠡᠨ ᠵᠡᠭᠦᠳᠤᠨ ᠤ ᠪᠠᠨ

ᠡᠮᠦᠨ᠎ᠡ ᠬᠣᠢ᠌ᠨᠠᠭᠢ ᠶᠢ ᠣᠯᠤᠶ᠎ᠠ︕

ᠦᠨᠳᠠᠢ᠌ᠵᠤ ᠳᠤᠳᠤᠷᠠᠭᠰᠠᠨ ᠠᠠᠳᠠ ᠶᠢᠨ ᠵᠢᠠᠨ

ᠥᠩᠭᠡ ᠵᠢᠰᠤ ᠶᠢ ᠨᠢ ᠳᠠᠨᠢᠶ᠎ᠠ ︕

ᠳᠡᠭᠡᠳᠤ ᠳᠤᠮᠳᠠ ᠶᠢᠨ ᠨᠠᠢ᠌ᠵᠠ ᠨᠤᠭᠤᠳ ᠤᠨ

ᠠᠯᠳᠠᠷ ᠶᠤ ᠶᠢ ᠰᠠᠨᠠᠶ᠎ᠠ︕

ᠳᠡᠭ᠍ᠳᠡᠨ ᠬᠠᠯᠢᠬᠤ ᠭᠢᠲ᠋ᠠᠷ ᠤᠨ

ᠠᠶ᠎ᠠ ᠶᠤ ᠶᠢ ᠪᠣᠳᠤᠶ᠎ᠠ︕

ᠳᠠᠯ᠎ᠠ ᠰᠢᠭ ᠶᠢᠡᠨ ᠳᠠᠢ᠌ᠪᠣᠩ ᠪᠠᠢ᠌ᠵᠤ ᠰᠠᠨᠠᠶ᠎ᠠ︕

ᠳᠠᠢᠷᠢ ᠰᠢᠭ᠌ ᠶᠢᠡᠨ ᠠᠭᠤᠵᠢᠭᠤ ᠪᠠᠢ᠌ᠵᠤ ᠪᠣᠳᠤᠶ᠎ᠠ︕

       4

ᠦᠰᠦᠷᠤᠨ ᠴᠤᠪᠬᠤᠴᠢᠬᠤ ᠭᠢᠲ᠋ᠠᠷ ᠤᠨ

ᠠᠶ᠎ᠠ ᠶᠤ ᠶᠢ ᠪᠣᠳᠤᠬᠤ ᠳ᠋ᠤ

ᠣᠶᠠᠭᠠᠨ ᠳᠡᠭᠡᠷ᠎ᠡ ᠪᠠᠢ᠌ᠭ᠎ᠠ ᠭᠦᠯᠦᠭ᠌

ᠢᠵᠢᠯᠢ ᠪᠠᠨ ᠰᠠᠨᠠᠬᠤ ᠮᠠᠳᠤ

ᠥᠡᠳᠡᠭᠡᠨ ᠳᠠᠪᠤᠨ ᠬᠤᠷᠤᠭᠤ ᠨᠢ

ᠴᠢᠪᠬᠠᠳᠠᠰᠤᠨ ᠳᠡᠭᠡᠭᠦᠷ ᠪᠦᠵᠢᠭᠦ ᠳ᠋ᠤ

ᠣᠷᠠᠨ ᠡᠭᠡᠰᠢᠭ᠍ᠳᠤ ᠵᠢᠭ᠍ᠵᠢᠭᠦᠭᠡᠢ

ᠵᠢᠷᠭᠢᠨ ᠵᠢᠷᠭᠢᠭᠦ ᠰᠢᠭ᠌

ᠰᠠᠢ᠌ᠬᠠᠨ ᠠᠶᠠᠯᠭᠤ ᠰᠤᠨᠤᠷ ᠢ ᠡᠵᠡᠮᠳᠡᠨ

ᠰᠠᠢ᠌ᠬᠠᠨ ᠵᠠᠯᠠᠭᠤᠰ ᠬᠠᠷᠠᠭᠠᠨ ᠳᠤ ᠳᠤᠳᠤᠷᠠᠨ᠎ᠠ᠂

ᠰᠠᠨᠠᠭᠠᠨ ᠤ ᠳᠡᠭᠡᠳᠤ

ᠰᠡᠳᠭᠢᠯ ᠤᠨ ᠰᠢᠳᠦᠭᠡᠨ

《ᠡᠵᠢ ᠳᠡᠭᠡᠨ》 ᠭᠡᠭᠦ ᠳᠠᠭᠤᠤ ᠶᠢ ᠠᠶᠠᠯᠠᠬᠤ ᠳ᠋ᠤ

ᠡᠷᠭᠢᠮᠰᠦᠭ᠌ ᠭᠡᠭᠡᠨ ᠳᠦᠷᠭᠦ ᠨᠤᠭᠤᠳ ᠨᠢ

ᠣᠯᠠᠮ ᠴᠤ ᠢᠯᠡᠭᠦᠤ ᠳᠤᠳᠤᠷᠠᠨ᠎ᠠ᠂

ᠡᠢ᠌ᠮᠤ ᠰᠠᠢ᠌ᠬᠠᠨ ᠠᠶᠠᠯᠭᠤ ᠵᠢ

ᠭᠡᠨ ᠭᠦᠭ᠍ᠵᠢᠮᠳᠡᠵᠤ ᠪᠠᠢ᠌ᠬᠤ ᠪᠣᠢ︖

ᠡᠭᠡᠰᠢᠭ᠌ ᠠᠶᠠᠯᠭᠤ ᠶᠢ ᠨᠢ ᠡᠯᠭᠦᠵᠤ

ᠭᠡᠨ ᠭᠦᠮᠤᠨ ᠳᠠᠭᠤᠯᠠᠬᠤ ᠪᠣᠢ︖

       5

ᠡᠢ᠌ᠮᠤ ᠰᠠᠢ᠌ᠬᠠᠨ ᠠᠶᠠᠯᠭᠤ ᠵᠢ

ᠭᠡᠨ ᠭᠦᠭ᠍ᠵᠢᠮᠳᠡᠵᠤ ᠪᠠᠢ᠌ᠬᠤ ᠪᠣᠢ︖

ᠡᠭᠡᠰᠢᠭ᠌ ᠠᠶᠠᠯᠭᠤ ᠶᠢ ᠨᠢ ᠡᠯᠭᠦᠵᠤ

ᠭᠡᠨ ᠭᠦᠮᠤᠨ ᠳᠠᠭᠤᠯᠠᠬᠤ ᠪᠣᠢ︖

ᠠᠩᠭᠢ ᠶᠢᠨ ᠣᠯᠠᠨ ᠨᠥᠭᠦᠤᠨ ᠮᠢᠨᠢ

ᠠᠠᠳᠠᠬᠤ ᠣᠴᠢᠷ ᠪᠠᠢ᠌ᠬᠤ ᠦᠭᠡᠶ᠂

ᠠᠶᠠᠯᠠᠨ ᠳᠠᠭᠤᠯᠠᠬᠤ ᠬᠤᠭᠤᠯᠢ ᠪᠠᠷ ᠨᠢ

ᠠᠠᠳᠠᠭᠤᠷᠠᠬᠤ ᠣᠴᠢᠷ ᠪᠠᠢ᠌ᠬᠤ ᠦᠭᠡᠶ᠂

ᠠᠯᠢᠶᠠᠯᠠᠬᠤ ᠳᠤᠷᠠᠳᠠᠢ ᠰᠦᠨᠳᠠᠷ

ᠭᠢᠲ᠋ᠠᠷ ᠶᠤ ᠪᠠᠨ ᠭᠦᠭ᠍ᠵᠢᠮᠳᠡᠨ᠎ᠡ᠂

ᠠᠩᠭᠢ ᠶᠢᠨ ᠵᠢᠵᠢᠭ᠍‍ᠬᠡᠨ ᠳᠠᠢ᠌ᠰᠠᠨ ᠳᠡᠭᠡᠷ᠎ᠡ

ᠭᠦᠭ᠍ᠵᠢᠮ ᠤᠨ ᠳᠢᠶᠠᠲ᠋ᠠᠷ ᠲᠤ ᠰᠢᠭ ᠳᠤᠭᠯᠠᠨ᠎ᠠ᠂

ᠭᠠᠩᠭ᠋ᠠᠩ ᠵᠠᠯᠠᠭᠤ ᠢᠳᠡᠷᠡᠭᠦᠨ

ᠵᠡᠭᠦᠨ ᠳᠠᠯ᠎ᠠ ᠳᠤ ᠨᠢ ᠭᠦᠭ᠍ᠵᠢᠮᠳᠡᠨ᠎ᠡ᠂

ᠭᠠᠷ ᠤᠨ ᠡᠪ ᠶᠢᠡᠨ ᠣᠯᠬᠤ ᠭᠡᠳ

ᠵᠡᠭᠦᠨ ᠮᠦᠷᠤ ᠪᠠᠨ ᠰᠡᠭ᠍ᠰᠡᠷᠤᠨ᠎ᠡ᠂

ᠳᠤᠯᠢᠳᠠᠬᠤ ᠳᠤᠷᠠᠳᠠᠢ ᠰᠢᠨ᠎ᠠ

ᠪᠠᠷᠠᠭᠤᠨ ᠳᠠᠯ᠎ᠠ ᠳᠤ ᠨᠢ ᠭᠦᠭ᠍ᠵᠢᠮᠳᠡᠨ᠎ᠡ᠂

ᠳᠤᠤᠷᠠᠳᠤᠭᠠᠤᠨ ᠪᠠᠢ᠌ᠨᠠᠤ ︖ ᠭᠡᠮᠡᠷ

ᠪᠠᠷᠠᠭᠤᠨ ᠭᠦᠯ ᠶᠢᠡᠨ ᠰᠠᠨᠳᠠᠢ᠌ᠯᠠᠨ᠎ᠠ᠂

ᠭᠤᠷᠪᠠᠨ ᠭᠦᠮᠤᠨ ᠤ ᠭᠦᠭ᠍ᠵᠢᠮ

ᠳᠡᠩᠴᠡᠰᠭᠢᠭᠡᠳ ᠢᠷᠡᠭᠦ ᠳ᠋ᠤ

ᠭᠤᠤᠯ ᠳᠤ ᠨᠢ ᠵᠤᠭᠰᠤᠭᠰᠠᠨ ᠣᠤᠠᠬᠤᠨ

ᠳᠡᠮᠨᠡᠰᠭᠢᠭᠡᠳ ᠡᠭᠢᠯᠡᠨ᠎ᠡ᠂

ᠰᠠᠢ᠌ᠬᠠᠨ ᠳᠠᠭᠤᠨ ᠤ ᠡᠭᠡᠰᠢᠭ᠌

ᠰᠠᠢ᠌ᠬᠠᠨ ᠬᠤᠭᠤᠯᠢ ᠪᠠᠷ ᠡᠭᠢᠯᠡᠭᠦ ᠳ᠋ᠤ

ᠰᠢᠷᠡᠭᠡᠨ ᠳᠡᠭᠡᠷ᠎ᠡ ᠡᠴᠡ ᠪᠠᠨ ᠮᠦᠳᠠᠨ

ᠬᠤᠭᠤᠯᠠᠢ ᠨᠡᠢ᠌ᠯᠡᠭᠦᠯᠤᠨ ᠳᠠᠭᠤᠯᠠᠨ᠎ᠠ᠂

ᠬᠤᠶᠠᠷ ᠭᠠᠷ ᠶᠢᠡᠨ ᠳᠡᠯᠭᠡᠩᠭᠡᠨ

《ᠬᠤᠷᠳᠤ》 ᠵᠢ ᠳᠠᠭᠤᠷᠢᠶᠠᠵᠤ ᠳᠠᠭᠤᠯᠠᠨ᠎ᠠ᠂

ᠪᠣᠯᠤᠩ ᠤᠨ ᠰᠢᠷᠡᠭᠡᠨ ᠳᠤ ᠵᠢᠷᠭᠠᠯᠳᠤ

ᠫᠠᠢ᠌ᠰᠠ ᠴᠤᠭᠢᠩᠬᠠᠨ ᠳᠠᠭᠤᠯᠠᠨ᠎ᠠ᠂

ᠬᠤᠵᠢᠭᠠᠷ ᠬᠤᠰᠤᠭᠰᠠᠨ ᠳᠤᠬᠤ ᠪᠠᠨ

ᠬᠠᠶᠠ ᠢᠯᠪᠢᠩᠭᠡᠨ ᠳᠠᠭᠤᠯᠠᠨ᠎ᠠ᠂

ᠬᠣᠢ᠌ᠳᠤ ᠥᠡᠴᠦᠭ᠌ ᠳᠤᠨᠢ ᠵᠢᠷᠤᠮᠳᠤ

ᠭᠦᠭ᠍ᠵᠢᠮ ᠳᠤᠭᠯᠠᠩᠬᠠᠨ ᠳᠠᠭᠤᠯᠠᠨ᠎ᠠ᠂

ᠱᠥᠭᠦᠷ ᠶᠢᠡᠷ ᠭᠢᠭ᠍ᠰᠡᠨ ᠭᠦᠭ᠍ᠵᠢᠮ ᠵᠢᠠᠨ

ᠰᠥᠭᠦᠳᠴᠤ ᠢᠷᠡᠭᠡᠳ ᠳᠤᠭᠯᠠᠨ᠎ᠠ᠂

ᠬᠠᠵᠭᠤ ᠳᠠᠯ᠎ᠠ ᠳ᠋ᠤᠨᠢ ᠰᠤᠳᠤ

ᠳ᠋ᠦᠩᠪᠣᠤ ᠪᠠᠷᠢᠩᠬᠠᠨ ᠳᠠᠭᠤᠯᠠᠨ᠎ᠠ᠂

ᠬᠠᠴᠢᠨ ᠨᠠᠮᠬᠠᠨ ᠠᠶᠠᠯᠭᠤ ᠳ᠋ᠤᠨᠢ

ᠰᠤᠭᠳᠤᠭᠤᠷᠠᠩᠬᠠᠨ ᠳᠠᠭᠤᠯᠠᠨ᠎ᠠ᠂

ᠬᠣᠢ᠌ᠨ᠎ᠠ ᠡᠮᠦᠨᠡᠭᠦᠷ ᠨᠢ ᠨᠠᠪᠴᠢ

ᠸᠠᠯᠢᠰ ᠪᠦᠵᠢᠭ᠌ ᠪᠦᠵᠢᠭᠯᠡᠨ᠎ᠡ

ᠬᠤᠶᠠᠷ ᠭᠤᠷᠪᠠᠨ ᠠᠯᠬᠤᠮ ᠵᠢᠠᠨ

ᠳᠠᠭᠢᠨ ᠳᠠᠭᠢᠨ ᠪᠦᠵᠢᠭᠯᠡᠨ᠎ᠡ

ᠨᠠᠷᠭᠢᠶ᠎ᠠ ᠳᠤ ᠳᠤᠷᠠᠳᠠᠢ ᠴᠠᠨ᠎ᠠ

ᠨᠠᠪᠴᠢ ᠶᠢ ᠳᠠᠭᠠᠭᠠᠤᠨ ᠪᠦᠵᠢᠭᠯᠡᠨ᠎ᠡ

ᠨᠢᠭᠡᠴᠤ ᠠᠯᠬᠤᠮ ᠢ ᠴᠢᠳᠠᠯ ᠥᠭᠡᠢ

ᠦᠪᠡᠷ ᠢ ᠪᠠᠨ ᠱᠤᠤᠯᠠᠭᠠᠤᠨ ᠢᠨᠢᠶᠠᠨ᠎ᠠ᠂

ᠢᠨᠢᠶᠡᠭᠦ ᠳᠤᠷᠠᠳᠠᠢ ᠦᠷ

ᠡᠯᠢᠭᠡ ᠪᠠᠨ ᠭᠦᠰᠢᠳᠡᠯ᠎ᠡ ᠢᠨᠢᠶᠠᠨ᠎ᠠ᠂

ᠰᠠᠢ᠌ᠬᠠᠨ ᠳᠦᠷᠦᠭ᠍ᠰᠡᠨ ᠪᠤᠶᠡᠡᠭᠡᠷᠡᠯ

ᠰᠠᠨᠠᠭ᠎ᠠ ᠳᠠᠯᠪᠢᠭᠤᠬᠠᠨ ᠮᠢᠰᠢᠶᠠᠨ᠎ᠠ᠂

ᠭᠠᠳᠠᠨ᠎ᠠ ᠡᠴᠡ ᠢᠷᠡᠭᠦ ᠪᠠᠭᠠᠳᠤᠷ

ᠴᠤᠴᠢᠭᠰᠠᠨ ᠪᠠᠢ᠌ᠳᠠᠯ ᠲᠡᠶ ᠮᠠᠯᠠᠷᠠᠨ᠎ᠠ᠂

ᠴᠤᠴᠢᠭ᠎ᠠ ᠨᠢ ᠭᠠᠷᠪᠠᠤ︖ ᠭᠡᠮᠡᠷ

ᠴᠤᠭ ᠳᠠᠭᠠᠭᠠᠤᠨ ᠳᠠᠭᠤᠯᠠᠨ᠎ᠠ᠂

ᠠᠷᠤ ᠡᠴᠡ ᠨᠢ ᠢᠷᠡᠭᠦ ᠡᠩᠭᠡ

ᠠᠶ᠎ᠠ ᠶᠢ ᠨᠢ ᠳᠠᠭᠠᠭᠠᠤᠨ ᠭᠢᠩᠰᠢᠨ᠎ᠡ᠂

ᠠᠮᠠᠷᠠᠭ ᠨᠢ ᠪᠣᠯᠤᠭᠰᠠᠨ ᠪᠤᠶᠡᠡᠴᠡᠴᠡᠭ᠌

ᠠᠷᠠᠢ ᠳᠡᠭᠡᠭᠦᠷ ᠭᠢᠩᠰᠢᠨ᠎ᠡ᠂

ᠳᠠᠭᠤ ᠦᠭᠡᠶ ᠪᠠᠢ᠌ᠭᠰᠠᠨ ᠮᠦᠩᠭᠦ

ᠳᠤᠤᠷ᠎ᠠ ᠳᠠᠭᠤᠤ ᠪᠠᠷ ᠳᠠᠭᠤᠯᠠᠨ᠎ᠠ᠂

ᠳᠤᠭᠠᠨ ᠤ ᠰᠠᠳᠤᠪ ᠶᠢᠡᠨ ᠪᠣᠳᠤᠯ ᠥᠭᠡᠢ

ᠳᠤᠳᠠᠭᠤ ᠣᠷᠭᠢᠭᠠᠤᠨ ᠳᠠᠭᠤᠯᠠᠨ᠎ᠠ

ᠳᠠᠭᠤᠯᠠᠬᠤ ᠳᠤᠷᠠᠳᠠᠢ ᠳᠤᠪᠴᠢ

ᠳᠤᠭᠯᠠᠬᠤ ᠳᠤᠷᠠᠳᠠᠢ ᠪᠠᠶᠠᠰ ᠳᠠᠭᠤᠯᠠᠨ᠎ᠠ᠂

ᠬᠠᠳᠠᠭᠤ ᠡᠷ᠎ᠡ ᠴᠢᠯᠠᠭᠤ

ᠭᠠᠩᠭ᠋ᠠᠯᠠᠬᠤ ᠳᠤᠷᠠᠳᠠᠢ ᠵᠢᠷᠡᠡᠪᠢᠯᠢᠭ᠌ ᠳᠠᠭᠤᠯᠠᠨ᠎ᠠ᠂

ᠣᠷᠠᠩᠭ᠋ᠤᠸ᠎ᠠ᠂ ᠠᠷᠢᠭᠤᠩᠭ᠋ᠤᠸ᠎ᠠ᠂ ᠰᠠᠴᠠᠩᠭ᠋ᠤᠸ᠎ᠠ ᠳᠠᠭᠤᠯᠠᠨ᠎ᠠ᠂

ᠣᠶᠤᠩᠭ᠋ᠤᠸ᠎ᠠ᠂ ᠬᠠᠰᠳᠤᠶᠠᠭ᠎ᠠ᠂ ᠣᠳᠤᠨ ᠳᠠᠭᠤᠯᠠᠨ᠎ᠠ᠂

ᠥᠵᠡᠰᠭᠦᠯᠡᠩ᠂ ᠣᠶᠤᠠᠬᠠᠰ᠂ ᠳᠠᠨ᠎ᠠ ᠳᠠᠭᠤᠯᠠᠨ᠎ᠠ᠂

ᠣᠶᠤᠠᠰᠤᠶᠤᠯ᠂ ᠵᠢᠩ ᠷᠦᠩ᠂ ᠴᠠᠭᠢᠭᠤᠷ ᠳᠠᠭᠤᠯᠠᠨ᠎ᠠ᠂

ᠣᠷᠠᠠᠳᠠᠨ᠎ᠠ᠂ ᠳᠤᠭ᠂ ᠴᠤᠯᠮᠤᠨ ᠳᠠᠭᠤᠯᠠᠨ᠎ᠠ

ᠰᠠᠷᠠᠨ᠂ ᠰᠠᠷᠠᠭᠤᠯ᠂ ᠭᠠᠯ ᠳᠠᠭᠤᠯᠠᠨ᠎ᠠ᠂

ᠰᠸᠮᠵᠢ᠂ ᠨᠠᠨᠠ᠂ ᠮᠦᠴᠢᠷ ᠳᠠᠭᠤᠯᠠᠨ᠎ᠠ᠂

ᠠᠩᠭᠢ ᠶᠢᠨ ᠨᠥᠭᠦᠤᠨ ᠪᠦᠭᠦᠳᠡᠭᠡᠷ ᠶᠢᠡᠨ ᠳᠠᠭᠤᠯᠠᠨ᠎ᠠ᠂

ᠦᠪᠡᠷ ᠤᠨ ᠳᠠᠭᠤᠨ ᠳᠠᠭᠠᠨ ᠣᠶᠠᠷᠠᠩᠬᠠᠨ ᠳᠠᠭᠤᠯᠠᠨ᠎ᠠ᠂

ᠭᠦᠭ᠍ᠵᠢᠮ ᠤᠨ ᠡᠭᠡᠰᠢᠭ᠌ ᠲᠤ ᠰᠤᠭᠳᠤᠭᠤᠷᠠᠩᠬᠠᠨ ᠳᠠᠭᠤᠯᠠᠨ᠎ᠠ᠂

ᠭᠦᠭ᠍ᠰᠡᠭ᠍ᠰᠡᠨ ᠰᠡᠳᠭᠢᠯ ᠶᠢᠡᠷ ᠳᠤᠭᠳᠤᠯᠤᠩᠬᠠᠨ ᠳᠠᠭᠤᠯᠠᠨ᠎ᠠ᠂

ᠨᠠᠮᠬᠠᠨ ᠡᠵᠢ ᠪᠠᠨ ᠮᠠᠭᠳᠠᠩᠬᠠᠨ ᠳᠠᠭᠤᠯᠠᠨ᠎ᠠ᠂

ᠨᠠᠢ᠌ᠵᠠ ᠶᠢᠨ ᠰᠡᠳᠭᠢᠯ ᠬᠤᠯᠪᠣᠯᠳᠤᠩᠬᠠᠨ ᠳᠠᠭᠤᠯᠠᠨ᠎ᠠ᠂

ᠨᠠᠷᠭᠢᠶ᠎ᠠ ᠳᠠᠭᠤᠤ ᠪᠠᠨ ᠨᠡᠢ᠌ᠯᠡᠭᠦᠯᠦᠩᠭᠡᠨ ᠳᠠᠭᠤᠯᠠᠨ᠎ᠠ᠂

ᠨᠠᠳᠠ ᠡᠴᠡ ᠪᠣᠰᠤᠳ ᠨᠢ ᠪᠦᠭᠦᠳᠡᠭᠡᠷ ᠶᠢᠡᠨ ᠳᠠᠭᠤᠯᠠᠨ᠎ᠠ᠂

         6

ᠠᠩᠭᠢ ᠶᠢᠨ ᠨᠥᠭᠦᠤᠨ ᠪᠦᠭᠦᠳᠡᠭᠡᠷ ᠶᠢᠡᠨ ᠳᠠᠭᠤᠯᠠᠬᠤ ᠳ᠋ᠤ

ᠶᠠᠭᠠᠭᠢᠭᠠᠤᠨ ᠪᠢ ᠳᠠᠭᠤ ᠦᠭᠡᠶ ᠪᠠᠢ᠌ᠪᠠ︖

ᠠᠠᠳᠠ ᠨᠥᠭᠦᠤᠨ ᠤᠨ ᠳᠠᠭᠤᠯᠠᠯ ᠬᠠᠩᠭᠢᠨᠠᠬᠤ ᠳ᠋ᠤ

ᠶᠠᠭᠠᠭᠢᠭᠠᠤᠨ ᠪᠢ ᠳᠤᠳᠠᠭᠤ ᠪᠠᠢ᠌ᠪᠠ︖

ᠢᠷᠠᠭᠤ ᠨᠠᠢ᠌ᠷᠠᠭ ᠤᠨ ᠮᠦᠷ ᠭᠡᠯᠭᠢᠵᠤ

ᠶᠠᠭ ᠪᠢ ᠴᠢᠯᠦᠭᠡ ᠦᠭᠡᠶ ᠪᠠᠢ᠌ᠪᠠ ᠦᠦ︖

ᠣᠭ ᠡᠴᠡ ᠰᠤᠯᠤᠭᠠᠢ ᠬᠤᠭᠤᠯᠠᠢ ᠳᠠᠭᠠᠨ ᠭᠤᠮᠤᠳᠠᠵᠤ

ᠢᠴᠢᠵᠤ ᠪᠢ ᠴᠢᠮᠡᠭᠡ ᠦᠭᠡᠶ ᠪᠠᠢ᠌ᠪᠠ ᠦᠦ︖

ᠦᠨᠡᠨ ᠣᠴᠢᠷ ᠶᠠᠭᠤ ᠪᠣᠢ︖ ᠭᠡᠪᠠᠯ

ᠥᠯᠢᠭᠡᠷ ᠤᠨ ᠣᠴᠢᠷ ᠶᠠᠮᠠᠷ ᠪᠣᠢ︖ ᠭᠡᠪᠠᠯ

ᠥᠨᠡ᠊ᠨᠳᠡᠭᠡᠨ ᠪᠢ ᠭᠡᠷ ᠲᠡᠭᠡᠨ ᠪᠠᠢ᠌ᠯ᠎ᠠ

ᠠᠵᠢᠯ ᠡᠴᠡ ᠶᠢᠡᠨ ᠬᠠᠯᠠᠰᠢᠷᠠᠵᠤ

ᠡᠭᠦᠷ ᠲᠡᠭᠡᠨ ᠪᠠᠢ᠌ᠯ᠎ᠠ᠂

ᠦᠴᠦᠭᠡᠳᠦᠷ ᠦᠳᠡᠰᠢ ᠨᠠᠢ᠌ᠵᠠ ᠪᠠᠨ ᠳᠤᠷᠠᠰᠬᠤ ᠳ᠋ᠤ

ᠡᠯᠢᠭᠡ ᠵᠢᠷᠦᠭᠡ ᠳᠤᠭᠳᠤᠯᠤᠩᠬᠠᠨ ᠪᠠᠢ᠌ᠭᠰᠠᠨ ᠶᠤᠮ︕

ᠡᠯᠢᠭᠡ ᠵᠢᠷᠦᠭᠡ ᠳᠤᠳᠤᠯᠤᠩᠬᠠᠨ ᠪᠠᠢ᠌ᠭᠰᠠᠭᠠᠷ

ᠦᠷ ᠰᠦᠨᠢ ᠶᠢᠡᠷ ᠵᠡᠭᠦᠳᠤ ᠬᠠᠢ᠌ᠷᠠᠯᠠᠭᠰᠠᠨ ᠶᠤᠮ︕


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2620
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ