☆ ᠴᠤᠭᠳᠤ
ᠪᠣᠱᠤᠤᠳᠠᠢ
ᠱᠠᠯᠴᠢᠭ ᠰᠢᠪᠠᠷ ᠲᠡᠶ ᠵᠡᠭᠡᠯᠢ ᠪᠠᠷ ᠨᠢ
ᠭᠡᠳᠦᠭᠦᠯᠡ ᠨᠡᠢ᠌ᠯᠡᠭᠡᠳ ᠭᠠᠷᠪᠠᠯ
ᠱᠠᠯᠪᠢᠩ ᠤᠨ ᠦᠨᠦᠷ ᠰᠡᠩᠭᠢᠨᠡᠭ᠍ᠰᠡᠨ
《ᠳᠤᠪᠳᠤᠨ》 ᠲ᠋ᠠᠩᠭᠢᠮ ᠳᠤ ᠪᠠᠭᠤᠯᠴᠠᠳᠠᠭ
ᠱᠠᠬᠤᠤ ᠲᠡᠶ ᠠᠷᠢᠭᠢᠨ ᠳ᠋ᠤᠨᠢ ᠬᠠᠯᠠᠭᠤᠷᠠᠨ
ᠱᠠᠯ ᠫᠠᠯ ᠰᠤᠭᠳᠤᠭᠠᠤᠨ
ᠱᠠᠯᠳᠠᠷ ᠪᠣᠯᠳᠠᠷ ᠠᠯᠬᠤᠭᠰᠠᠨ ᠴᠤ
ᠬᠠᠯᠳᠤᠷᠢᠵᠤ ᠣᠨᠠᠭ᠎ᠠ ᠦᠭᠡᠶ ᠪᠣᠱᠤᠤᠳᠠᠢ᠃
ᠵᠤᠭᠤᠰ ᠲᠡᠶ ᠵᠤᠭᠤᠰ ᠦᠭᠡᠶ ᠴᠤ
ᠵᠤᠪᠠᠵᠤ ᠥᠵᠡᠭᠡ ᠦᠭᠡᠶ ᠪᠣᠱᠤᠤᠳᠠᠢ
ᠵᠤᠯ ᠪᠣᠶᠠᠨ ᠢ ᠬᠠᠢ᠌ᠷᠠᠯᠠᠳᠠᠭ
《ᠨᠡᠷᠡᠡᠴᠢᠮᠡᠭ᠌》 ᠊ᠤᠨ ᠬᠤᠷᠰᠢᠶ᠎ᠠ
ᠭᠦᠯ ᠲᠡᠶ ᠭᠦᠯ ᠦᠭᠡᠶ ᠴᠤ
ᠭᠦᠡᠳᠡᠢ ᠭᠢᠰᠭᠢᠭᠡ ᠦᠭᠡᠶ ᠪᠣᠱᠤᠤᠳᠠᠢ
ᠭᠦᠳᠦᠯ ᠳᠠᠪᠠᠭᠠᠤᠨ ᠭᠠᠷᠪᠠᠯ
ᠶᠦᠩᠷᠤᠩ ᠨᠠᠭᠠᠴᠤ ᠶᠢᠨ ᠰᠦ᠋ ᠲᠡᠶ ᠴᠠᠢ᠃
ᠦᠳᠡ ᠦᠳᠡ ᠶᠢᠨ ᠰᠢᠳᠦᠭᠡᠨ
ᠣᠶᠤᠨ ᠡᠭᠡᠴᠢ ᠶᠢᠨ ᠮᠢᠶᠠᠠᠲ᠋ᠢᠶᠤᠤᠷ
ᠡᠭᠦᠳᠡᠨ ᠭᠠᠳᠠᠨ᠎ᠠ ᠪᠠᠨ ᠭᠦᠯᠢᠶᠡᠳᠡᠭ᠌
ᠰᠡᠢ᠌ᠡᠪᠢᠯᠢᠭ᠌ ᠠᠬ᠎ᠠ ᠶᠢᠨ ᠰᠡᠳᠭᠢᠯ
ᠡᠭᠦᠯᠡᠨ ᠥᠩᠭᠡ ᠶᠢᠨ ᠬᠤᠸᠠᠷ ᠳᠠᠢ
ᠬᠤᠶᠠᠷᠬᠠᠨ ᠳᠠᠰᠤᠯᠭ᠎ᠠ ᠭᠡᠷ ᠳᠤ
ᠦᠶᠡᠷ ᠤᠨ ᠣᠰᠤ ᠰᠢᠭ ᠢᠪᠠᠷᠡᠳᠡᠭ᠌
ᠦᠶ᠎ᠡ ᠶᠢᠨ ᠣᠯᠠᠨ ᠨᠠᠢ᠌ᠵᠠ ᠮᠢᠨᠢ᠃
ᠣᠩᠰᠢᠯᠭ᠎ᠠ ᠶᠢᠨ ᠳᠠᠭᠤᠨ ᠬᠠᠩᠭᠢᠨᠠᠭᠰᠠᠨ
ᠬᠤᠶᠠᠷ ᠰᠠᠢ᠌ᠬᠠᠨ ᠰᠤᠷᠭᠠᠭᠤᠯᠢ
ᠣᠳᠠᠭᠠᠨ ᠵᠢᠯ ᠢ ᠡᠯᠡᠭᠡᠭ᠍ᠰᠡᠨ
ᠬᠤᠩᠭ᠋ᠤᠷ ᠣᠯᠠᠭᠠᠨ ᠪᠠᠢ᠌ᠰᠢᠩ ᠨᠤᠭᠤᠳ
ᠴᠠᠭ ᠤᠨ ᠬᠠᠯᠠ ᠶᠢ ᠡᠯᠡᠭᠡᠵᠤ
ᠴᠠᠭᠠᠨ ᠪᠣᠭᠤᠷᠤᠯ ᠪᠣᠯᠤᠭᠰᠠᠨ ᠴᠤ
ᠴᠠᠭᠠᠰᠢ ᠪᠠᠨ ᠳᠡᠮᠡᠦᠯᠡᠭᠦ ᠰᠡᠳᠭᠢᠯ ᠨᠢ
ᠨᠤᠭᠤᠭᠠᠨ ᠶᠢᠠᠷ ᠶᠢᠡᠨ ᠥᠯᠡᠳᠡᠭ᠍ᠰᠡᠨ ᠪᠠᠭᠤᠷᠠᠢ᠃
ᠬᠤᠷᠮᠤᠢ ᠬᠤᠷᠮᠤᠢ ᠪᠠᠨ ᠳᠡᠷᠡᠯᠡᠭ᠍ᠰᠡᠨ
ᠭᠡᠳᠦᠭᠡᠨ ᠮᠤᠩᠭ᠋ᠤᠯ ᠠᠢ᠌ᠯ
ᠬᠣᠢ᠌ᠮᠤᠷᠴᠢᠯᠠᠨ ᠰᠠᠭᠤᠭᠠᠤᠨ ᠵᠤᠭᠤᠭᠳᠠᠪᠠᠯ
ᠳᠡᠯᠡᠭᠡᠢ ᠳᠤ ᠪᠠᠢ᠌ᠬᠤ ᠦᠭᠡᠶ ᠨᠠᠷᠭᠢᠶᠠᠨ
ᠬᠣᠢ᠌ᠴᠢ ᠶᠢᠨ ᠬᠣᠢ᠌ᠴᠢ ᠳᠠᠭᠠᠨ ᠥᠯᠡᠳᠡᠭᠡᠭ᠍ᠰᠡᠨ
ᠮᠥᠩᠭᠡ ᠶᠢᠨ ᠬᠠᠳᠠᠨ ᠴᠤᠤᠷᠢᠶ᠎ᠠ ᠨᠢ
ᠬᠤᠷᠢᠨ ᠨᠢᠭᠡᠳᠦᠭᠡᠷ ᠵᠠᠭᠤᠨ ᠤ
ᠮᠦᠩᠭᠦᠨ ᠵᠤᠯᠠᠢ ᠳᠤ ᠭᠢᠯᠠᠯᠵᠠᠨᠠᠮ᠃
2010.7.13 ᠱᠠᠩᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠮᠤᠩᠭ᠋ᠤᠯ ᠳᠤᠮᠳᠠᠳᠤ ᠰᠤᠷᠭᠠᠭᠤᠯᠢ ᠶᠢᠨ ᠴᠤᠭᠳᠤ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ