ᠨᠡᠪᠲᠡᠷᠡᠨ ᠤᠷᠤᠬᠤ
ᠬᠡᠷᠪᠡ ᠬᠤᠭ ᠲᠤᠭᠤᠰᠤ ᠶᠠᠭ ᠦᠭᠡᠢ ᠪᠤᠯ

ᠭᠦᠮᠦᠰ ᠬᠤᠭ ᠳᠤᠭᠤᠰᠤ ᠶᠢ ᠵᠢᠭ᠍ᠰᠢᠳᠡᠭ᠌ ᠨᠢ ᠦᠨᠡᠠᠳᠠᠢ᠃ ᠭᠡᠪᠠᠴᠤ ᠠᠭᠠᠷ ᠳᠤᠳᠤᠷ᠎ᠠ ᠥᠨᠡᠭᠡᠷᠡᠨ ᠶᠠᠭ ᠬᠤᠭ ᠳᠤᠭᠤᠰᠤ ᠣᠷᠤᠰᠢᠬᠤ ᠦᠭᠡᠶ ᠪᠣᠯᠬᠤ ᠳᠤ ᠭᠦᠷᠪᠠᠯ᠂ ᠶᠠᠷᠰᠢᠭ ᠳᠦᠪᠠᠭ᠌ ᠨᠠᠩ ᠣᠯᠠᠨ ᠳᠤᠯᠭᠠᠷᠠᠨ᠎ᠠ ᠭᠡᠳᠡᠭ᠌ ᠢ ᠪᠠᠰᠠ ᠮᠡᠳᠡᠭᠦ ᠴᠢᠬᠤᠯᠠᠳᠠᠢ ᠰᠢᠤ ᠳ᠋ᠠ ︕

ᠶᠡᠭᠡ ᠭᠡᠪᠴᠢᠶᠡᠨ ᠤ ᠬᠤᠷᠠᠮᠠᠯ ᠴᠠᠭᠢᠯᠭᠠᠨ ᠭᠡᠯᠭᠢᠶ᠎ᠡ ᠵᠡᠷᠭᠡ ᠨᠠᠷᠢᠯᠢᠭ ᠪᠦᠳᠦᠭᠡᠭ᠍ᠳᠡᠭᠦᠨ ᠢ ᠣᠢ᠌ᠯᠠᠳᠤᠨ ᠪᠦᠳᠦᠭᠡᠭᠦ ᠳᠤ ᠣᠢ᠌ᠯᠠᠤᠠᠪᠣᠷᠢ ᠶᠢᠨ ᠳᠠᠰᠤᠭ ᠶᠢᠡᠨ ᠣᠠᠴᠠᠭᠠᠢ ᠳᠤᠭᠤᠰᠤᠨ ᠰᠤᠷᠤᠭᠤᠯ ᠶᠢᠡᠷ 《ᠭᠡᠳᠤ ᠴᠠᠪᠠᠷ》 ᠪᠣᠯᠭᠠᠳᠠᠭ᠃ ᠭᠡᠪᠠᠴᠤ ᠡᠮᠦᠨᠡᠭᠡᠨ ᠳᠤ ᠭᠦᠮᠦᠰ ᠭᠡᠳᠤ ᠴᠠᠪᠠᠷ ᠳᠠᠰᠤᠭ ᠤᠨ ᠳᠤᠳᠤᠷ᠎ᠠ ᠭᠡᠳᠥᠢᠪᠠᠷ ᠣᠰᠤᠨ ᠠᠭᠤᠷ ᠬᠤᠷᠠᠭᠠᠤᠨ ᠬᠠᠨᠤᠮᠠᠯ ᠭᠡᠮᠵᠢᠶᠡᠨ ᠳᠤ ᠭᠦᠷᠦᠭ᠍ᠰᠡᠨ ᠴᠤ ᠳᠠᠷᠠ ᠨᠢ ᠣᠰᠤᠨ ᠳᠤᠰᠤᠯ ᠪᠣᠯᠵᠤ ᠳᠡᠢ᠌ᠯᠳᠡᠭ᠌ ᠦᠭᠡᠶ ᠭᠡᠰᠡᠨ ᠢ ᠢᠯᠡᠷᠡᠭᠦᠯᠪᠡ᠃ ᠣᠴᠢᠷ ᠨᠢ ᠣᠰᠤᠨ ᠠᠭᠤᠷ ᠴᠠᠷᠴᠠᠭᠠᠤᠨ ᠵᠢᠵᠢᠭ᠌ ᠣᠰᠤᠨ ᠳᠤᠰᠤᠯ ᠪᠣᠯᠬᠤ ᠳᠠᠭᠠᠨ ᠡᠷᠭᠡᠪᠠᠰᠢ ᠬᠤᠭ ᠳᠤᠭᠤᠰᠤ ᠪᠠᠷ ᠵᠢᠭᠢᠷᠢᠭ᠌ ᠪᠣᠯᠭᠠᠬᠤ ᠭᠡᠷᠡᠭ᠍ᠳᠡᠢ᠃ ᠥᠯᠢᠭᠡᠷᠯᠡᠵᠤ ᠭᠡᠯᠡᠪᠠᠯ᠂ ᠶᠠᠰᠤ ᠪᠠᠢ᠌ᠮᠠᠠᠵᠢᠨ ᠰᠠ‍‌ᠶᠢ ᠮᠢᠬ᠎ᠠ ᠳᠡᠭᠦᠨ ᠢ ᠭᠦᠷᠢᠶᠡᠯᠡᠵᠤ ᠣᠷᠭᠤᠳᠠᠭ ᠲᠡᠶ ᠠᠳᠠᠯᠢ᠃ ᠠᠭᠠᠷ ᠳᠤᠳᠤᠷ᠎ᠠ ᠥᠨᠡᠭᠡᠷᠡᠨ ᠥᠴᠦᠭᠡᠨ ᠴᠤ ᠬᠤᠭ ᠳᠤᠭᠤᠰᠤ ᠦᠭᠡᠶ ᠪᠣᠯᠬᠤ ᠳᠤ ᠭᠦᠷᠪᠠᠯ᠂ ᠡᠭᠦᠯᠡ᠂ ᠮᠠᠨᠠᠨ᠂ ᠪᠣᠷᠤᠭᠠᠨ᠂ ᠰᠢᠭᠦᠳᠡᠷᠢ ᠪᠣᠯᠤᠨ ᠴᠠᠰᠤ ᠵᠡᠷᠭᠡ ᠶᠠᠭᠤᠮ᠎ᠠ ᠣᠷᠤᠰᠢᠬᠤ ᠪᠠᠨ ᠪᠣᠯᠢᠳᠠᠭ᠃ ᠪᠣᠷᠤᠭᠠᠨ ᠤ ᠬᠤᠷ᠎ᠠ ᠣᠰᠤ ᠦᠭᠡᠶ ᠪᠣᠯ ᠲᠦᠮᠡᠨ ᠪᠣᠳᠠᠰ ᠭᠡᠷᠭᠢᠨ ᠣᠷᠭᠤᠨ ᠪᠣᠢ᠌ᠵᠢᠵᠤ ᠴᠢᠳᠠᠬᠤ ᠪᠣᠢ ︖

ᠭᠡᠷᠪᠡ ᠬᠤᠭ ᠳᠤᠭᠤᠰᠤ ᠦᠭᠡᠶ ᠪᠣᠯ ᠳᠡᠭ᠍ᠷᠢ ᠣᠭᠳᠠᠷᠭᠤᠢ ᠴᠤ ᠡᠨᠡ ᠮᠠᠳᠤ ᠭᠤᠶᠤᠬᠠᠨ ᠪᠢᠰᠢ ᠶᠤᠮ ᠃ ᠳᠠ ᠭᠡᠷᠪᠡ ᠬᠤᠶᠠᠷ ᠲᠦᠮᠡᠨ ᠮᠸᠲ᠋ᠷ ᠤᠨ ᠦᠨᠳᠦᠷ ᠣᠭᠳᠠᠷᠭᠤᠢ ᠳᠤ ᠭᠦᠷᠦᠭᠡᠤᠨ ᠦᠵᠡᠪᠠᠯ ᠂ ᠠᠭᠠᠷ ᠰᠡᠢ᠌ᠷᠡᠭ᠌ ᠮᠥᠷᠳᠡᠭᠡᠨ ᠨᠠᠷᠠᠨ ᠤ ᠭᠡᠷᠡᠯ ᠢ ᠬᠠᠯᠬᠠᠯᠠᠬᠤ ᠶᠠᠭᠤᠮ᠎ᠠ ᠳᠤᠭᠤᠰᠤ ᠭᠡᠵᠤ ᠠᠯᠠᠭ᠎ᠠ᠂ ᠨᠠᠷᠠ ᠥᠭᠡᠳᠡ ᠬᠠᠷᠠᠪᠠᠯ ᠨᠢᠳᠤ ᠪᠠᠨ ᠪᠦᠷ ᠨᠡᠭᠡᠭᠡᠵᠤ ᠳᠡᠢ᠌ᠯᠭᠦ ᠪᠠᠨ ᠪᠣᠯᠢᠴᠢᠬᠠᠳᠠᠭ ᠪᠢᠯᠠ᠃ ᠡᠷᠭᠢᠵᠤ ᠬᠠᠠᠳᠤᠭᠠᠤᠨ ᠣᠭᠳᠠᠷᠭᠤᠢ ᠳᠠᠰᠢ ᠬᠠᠷᠠᠪᠠᠯ ᠂ ᠬᠠᠷᠢᠨ ᠭᠦᠪᠠᠭᠡ ᠭᠢᠵᠠᠭᠠᠷ ᠦᠭᠡᠶ ᠬᠠᠷ᠎ᠠ ᠪᠣᠷᠤ ᠶᠠᠭᠤᠮ᠎ᠠ ᠥᠵᠡᠭ᠍ᠳᠡᠨ᠎ᠡ᠃ ᠠᠭᠠᠷ ᠳᠤᠳᠤᠷ᠎ᠠ ᠬᠤᠭ ᠳᠤᠭᠤᠰᠤ ᠪᠠᠢ᠌ᠭᠰᠠᠨ ᠡᠴᠡ ᠰᠠ‍‌ᠶᠢ ᠥᠷᠯᠦᠭᠡ ᠶᠢᠨ ᠨᠠᠷᠠᠨ ᠤ ᠳᠤᠶᠠᠭ᠎ᠠ᠂ ᠦᠳᠡᠰᠢ ᠶᠢᠨ ᠰᠢᠷᠭᠠᠯ ᠡᠭᠦᠯᠡ ᠪᠣᠯᠤᠨ ᠡᠶᠡᠯᠳᠡᠭ᠌ ᠰᠠᠢ᠌ᠬᠠᠨ ᠰᠠᠷᠠᠨ ᠤ ᠭᠡᠷᠡᠯ ᠣᠷᠤᠰᠢᠮᠤᠢ᠃ ᠬᠤᠭ ᠳᠤᠭᠤᠰᠤ ᠪᠠᠢ᠌ᠭᠰᠠᠨ ᠡᠴᠡ ᠰᠠ‍‌ᠶᠢ ᠡᠶᠡᠪᠠᠷᠭᠦᠦ ᠳᠤᠩᠭ᠋ᠠᠯᠠᠭ ᠨᠠᠷᠠᠨ ᠤ ᠭᠡᠷᠡᠯ᠂ ᠭᠦᠶ‍ᠦᠭᠡᠨ ᠴᠠᠢ᠌ᠪᠣᠷ ᠥᠩᠭᠡ ᠪᠠᠷ ᠪᠢᠯᠬᠠᠭᠰᠠᠨ ᠰᠦᠨᠢ ᠪᠠᠢ᠌ᠮᠤᠢ᠃ ᠡᠨᠡ ᠨᠢ ᠭᠦᠪᠪᠦᠮᠡᠯ ᠬᠤᠭ ᠳᠤᠭᠤᠰᠤᠨ ᠤ ᠮᠥᠭᠦᠯᠢᠭ᠌ ᠭᠡᠳᠥᠢᠪᠠᠷ ᠳᠤᠩ ᠵᠢᠵᠢᠭ᠌ ᠪᠣᠯᠪᠠᠴᠤ᠂ ᠨᠠᠷᠠᠨ ᠤ ᠭᠡᠷᠡᠯ ᠤᠨ ᠳᠤᠰᠤᠯᠳᠠ ᠶᠢᠨ ᠳᠤᠤᠷ᠎ᠠ ᠳᠠᠷᠠ ᠨᠢ ᠶᠠᠭ ᠨᠢᠭᠡ ᠮᠥᠭᠦᠯᠢᠭ᠌ ᠭᠢᠯᠳᠦᠭᠡᠨᠡᠮ᠎ᠡ ᠡᠷᠳᠡᠨᠢ ᠶᠢᠨ ᠰᠤᠪᠣᠤᠨ ᠰᠢᠭ᠌ ᠪᠠᠢ᠌ᠵᠤ᠂ ᠨᠠᠷᠠᠨ ᠤ ᠭᠡᠷᠡᠯ ᠤᠨ ᠨᠢᠭᠡ ᠪᠦᠯᠦᠭ᠌ ᠢ ᠰᠢᠩᠭᠡᠭᠡᠵᠤ᠂ ᠳᠠᠭᠢᠨ ᠨᠢᠭᠡ ᠪᠦᠯᠦᠭ᠌ ᠢ ᠨᠢ ᠣᠢ᠌ᠯᠠᠭᠤᠯᠵᠤ᠂ ᠨᠠᠷᠠᠨ ᠤ ᠭᠡᠷᠡᠯ ᠢ ᠳᠡᠯᠡᠭᠡᠢ ᠶᠢᠨ ᠪᠦᠮᠪᠦᠷᠴᠡᠭ᠌ ᠳᠠᠰᠢ ᠰᠠᠴᠤᠷᠠᠭᠤᠯᠤᠨ ᠳᠤᠰᠬᠠᠳᠠᠭ ᠡᠴᠡ ᠪᠣᠯᠤᠭᠰᠠᠨ ᠶᠤᠮ᠃


ᠵᠤᠬᠢᠶᠠᠭᠴᠢ᠄ ᠰᠡᠴᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 5501
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ