☆ ᠴᠢ᠊·ᠠᠯᠢᠶ᠎ᠠ
ᠪᠢ ᠶᠠᠪᠣᠨ᠎ᠠ
ᠰᠦᠯᠳᠡ ᠨᠢ ᠪᠣᠰᠤᠭ᠎ᠠ
ᠮᠤᠩᠭ᠋ᠤᠯ ᠰᠤᠶᠤᠯ ᠶᠢᠡᠨ ᠰᠤᠷᠬᠤ ᠪᠠᠷ
ᠰᠥ᠋ ᠨᠢ ᠰᠠᠴᠤᠯᠢ ᠳᠠᠢ
ᠮᠠᠯᠴᠢᠨ ᠠᠮᠢᠳᠤᠷᠠᠯ ᠶᠢᠡᠨ ᠭᠦᠭ᠍ᠵᠢᠭᠦᠯᠭᠦ ᠪᠠᠷ
ᠥᠯᠢᠭᠡᠷ ᠨᠢ ᠰᠢᠳᠢ ᠳᠠᠢ
ᠭᠦᠭᠡ ᠳᠡᠦᠭᠡ ᠪᠠᠨ ᠳᠡᠯᠭᠡᠷᠡᠭᠦᠯᠭᠦ ᠪᠠᠷ
ᠣᠢ᠌ᠯᠠᠰ ᠨᠢ ᠰᠠᠷᠠᠭᠤᠯ
ᠳᠠᠯ᠎ᠠ ᠶᠢᠨ ᠵᠠᠩᠰᠢᠯ ᠶᠢᠡᠨ ᠳᠡᠭ᠍ᠵᠢᠷᠡᠭᠦᠯᠭᠦ ᠪᠠᠷ
ᠪᠢ ᠶᠠᠪᠣᠨ᠎ᠠ ᠁
ᠪᠢᠷ ᠴᠠᠭᠠᠰᠤ ᠪᠠᠨ ᠠᠪᠣᠭᠠᠤᠨ
ᠪᠢᠯᠢᠭ᠌ ᠤᠨ ᠭᠡᠭᠡᠷ ᠲᠡᠭᠡᠨ ᠮᠤᠷᠳᠠᠭᠠᠤᠨ
ᠪᠢᠴᠢᠭ᠌ ᠰᠤᠷᠬᠤ ᠪᠠᠷ ᠶᠠᠪᠣᠨ᠎ᠠ ᠁
ᠳᠤᠪᠴᠢᠶᠠᠨ ᠨᠢ ᠨᠢᠭᠤᠴᠠ
ᠮᠤᠩᠭ᠋ᠤᠯ ᠴᠠᠳᠢᠭ ᠶᠢᠡᠨ ᠰᠤᠳᠤᠯᠬᠤ ᠪᠠᠷ
ᠳᠤᠭᠤᠨᠤ ᠨᠢ ᠳᠤᠭᠤᠢ
ᠨᠡᠭᠦᠳᠡᠯ ᠳᠡᠦᠭᠡ ᠪᠠᠨ ᠨᠢᠭᠳᠠᠯᠠᠬᠤ ᠪᠠᠷ
ᠡᠭᠦᠰᠦᠯ ᠨᠢ ᠬᠠᠴᠢᠨ
ᠪᠦᠷᠳᠡ ᠴᠢᠨ᠋ᠸ᠎ᠠ ᠶᠢᠨ ᠥᠯᠢᠭᠡᠷ ᠢ ᠰᠢᠡᠵᠢᠭᠦ ᠪᠠᠷ
ᠡᠭᠦᠳᠦᠯᠳᠡ ᠨᠢ ᠰᠤᠨᠢᠨ
ᠥᠭᠡᠷ ᠭᠦᠭᠡᠷᠭᠡ ᠶᠢᠨ ᠳᠤᠮᠤᠭ ᠶᠢᠡᠨ ᠮᠦᠷᠳᠡᠭᠦ ᠪᠠᠷ
ᠪᠢ ᠶᠠᠪᠣᠨ᠎ᠠ ᠁
ᠪᠢᠷ ᠴᠠᠭᠠᠰᠤ ᠪᠠᠨ ᠠᠪᠣᠭᠠᠤᠨ
ᠪᠢᠯᠢᠭ᠌ ᠤᠨ ᠭᠡᠭᠡᠷ ᠲᠡᠭᠡᠨ ᠮᠤᠷᠳᠠᠭᠠᠤᠨ
ᠪᠢᠴᠢᠭ᠌ ᠰᠤᠷᠬᠤ ᠪᠠᠷ ᠶᠠᠪᠣᠨ᠎ᠠ ᠁
(ᠵᠢᠯᠤᠭᠤᠳᠤᠭᠰᠠᠨ ᠪᠠᠭᠰᠢ᠄ ᠠᠯᠳᠠᠠᠳᠠᠯᠠᠢ)
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠮᠤᠩᠭ᠋ᠤᠯ ᠦᠨᠳᠦᠰᠦᠳᠠᠨ ᠤ ᠬᠤᠶᠠᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠴᠢ᠊·ᠠᠯᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3079
ᠴᠠᠭ᠄ 2010 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ