ᠨᠡᠪᠲᠡᠷᠡᠨ ᠤᠷᠤᠬᠤ
ᠨᠠᠮᠤᠷ ᠤᠨ ᠣᠢ᠌ᠤᠠᠬᠠᠷ

ᠨᠠᠮᠤᠷ ᠯᠠ ᠨᠠᠳᠠ ᠳᠤ ᠣᠢ᠌ᠤᠠᠬᠠᠷ ᠥᠭ᠍ᠳᠡᠭ᠌

ᠨᠠᠯᠠᠭᠠᠷ ᠡᠳᠦᠷ ᠤᠨ ᠳᠤᠩᠭ᠋ᠠᠯᠠᠭ ᠠᠭᠠᠷ

ᠨᠠᠰᠤᠨ ᠤ ᠵᠢᠷᠭᠠᠯ ᠳᠠᠷᠠ ᠪᠢᠯᠢᠤ᠂

ᠰᠠᠯᠭᠢ ᠬᠤᠩᠭ᠋ᠤᠷᠯᠠᠵᠤ

ᠨᠠᠪᠴᠢᠰ ᠰᠡᠪᠠᠯᠵᠡᠭᠡᠳ

ᠰᠠᠨᠠᠭ᠎ᠠ ᠠᠯᠳᠠᠭᠤᠷᠠᠵᠤ

ᠨᠤᠳᠤᠭ ᠲᠤ ᠪᠠᠨ ᠬᠠᠷᠢᠮᠠᠷ᠂

ᠰᠢᠷᠭᠠᠯ ᠡᠳᠦᠷ ᠤᠨ ᠨᠠᠯᠠᠭᠠᠷ ᠳᠠᠯ᠎ᠠ

ᠨᠠᠷᠠᠨ ᠡᠴᠡ ᠨᠢ ᠳᠤᠰᠤ ᠭᠤᠭᠤᠵᠢᠮᠠᠷ

ᠨᠠᠳᠠ ᠳᠤ ᠳᠠᠷᠭᠤ ᠨᠠᠮᠠᠮᠠᠷ

ᠨᠠᠷᠠᠳᠤ ᠶᠢᠨ ᠰᠠᠢ᠌ᠬᠠᠨ

ᠨᠠᠮᠤᠷ ᠤᠨ ᠡᠳᠦᠷ ᠡ᠂

ᠳᠤᠰᠤᠨ ᠳᠤᠩᠭ᠋ᠠᠯᠠᠭ ᠣᠭᠳᠠᠷᠭᠤᠢ ᠡᠴᠡ ᠨᠢ

ᠣᠰᠤᠨ ᠳᠤᠩᠭ᠋ᠠᠯᠠᠭ ᠠᠭᠠᠷ ᠵᠠᠯᠭᠢᠯᠤᠮᠠᠷ

ᠠᠭᠤᠰᠭᠢ ᠠᠷᠢᠭᠤᠰᠴᠤ ᠨᠠᠰᠤ ᠣᠷᠳᠤᠰᠤᠮᠠᠷ᠂

ᠨᠠᠮᠤᠷ ᠤᠨ ᠰᠠᠯᠭᠢ ᠦᠶ᠎ᠡ ᠦᠶ᠎ᠡ ᠰᠡᠪᠠᠯᠵᠡᠭᠡᠳ

ᠨᠤᠳᠤᠭ ᠤᠨ ᠦᠨᠦᠷ ᠰᠡᠳᠭᠢᠯ ᠳᠤ ᠰᠢᠪᠰᠢᠭᠡᠳ

ᠨᠢᠭᠤᠴᠠᠬᠠᠨ ᠭᠤᠨᠢᠭ ᠦᠶ᠎ᠡ ᠦᠶ᠎ᠡ ᠭᠦᠪᠠᠯᠵᠡᠭᠡᠳ

ᠨᠢᠷᠤᠭᠤ ᠪᠠᠨ ᠳᠠᠭᠠᠬᠤ ᠦᠭᠡᠶ ᠰᠡᠳᠭᠢᠯ ᠡᠪᠭᠡᠷᠡᠭᠡᠳ

ᠰᠠᠯᠭᠢ ᠳᠠᠭᠠᠵᠤ ᠨᠤᠳᠤᠭ ᠲᠤ ᠪᠠᠨ ᠬᠠᠷᠢᠮᠠᠷ

ᠰᠠᠷᠢᠳᠠᠭ ᠪᠠᠷᠠᠯᠠᠵᠤ ᠭᠡᠢ᠌ᠮᠦᠷᠢ ᠰᠡᠷᠭᠦᠭᠡᠮᠡᠷ

ᠪᠡᠶ᠎ᠠ ᠠᠷᠢᠭᠤᠰᠴᠤ ᠰᠡᠳᠭᠢᠯ ᠰᠡᠷᠭᠦᠭᠡᠮᠡᠷ

ᠨᠠᠮᠤᠷ ᠤᠨ ᠰᠠᠯᠭᠢ ᠰᠡᠳᠭᠢᠯ ᠳᠤ ᠬᠤᠩᠭ᠋ᠤᠷᠯᠠᠵᠠᠢ᠃


ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2629
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ