ᠨᠡᠪᠲᠡᠷᠡᠨ ᠤᠷᠤᠬᠤ
ᠭᠡᠯᠡ ᠪᠢᠴᠢᠭ᠌ ᠤᠨ ᠵᠢᠭᠠᠨ ᠰᠤᠷᠭᠠᠯᠳᠠ ᠳᠤ 《ᠪᠢᠴᠢᠭ᠌ ᠤᠨ ᠭᠡᠯᠡ》 ᠪᠠ 《ᠶᠠᠷᠢᠶᠠᠨ ᠤ ᠭᠡᠯᠡᠨ》 ᠤ ᠵᠦᠷᠢᠶ᠎ᠠ ᠶᠢ ᠠᠩᠬᠠᠷᠬᠤ ᠭᠡᠷᠡᠭ᠍ᠳᠡᠢ

ᠳᠡᠭᠡᠷ᠎ᠡ ᠵᠠᠭᠤᠨ ᠤ ᠨᠠᠶᠠᠭᠠᠤᠨ ᠣᠨ ᠳᠤ ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠭᠤᠷᠪᠠᠳᠤᠭᠠᠷ ᠣᠨ ᠪᠣᠯᠳᠠᠯ᠎ᠠ ᠥᠰᠦᠭ᠍ᠴᠢᠯᠡᠵᠤ (ᠦᠶᠡᠴᠢᠯᠠᠵᠤ) ᠣᠩᠰᠢᠬᠤ ᠶᠢ ᠱᠠᠭᠠᠷᠳᠠᠵᠤ ᠪᠠᠢ᠌ᠭᠰᠠᠨ᠃ ᠶᠡᠷᠡᠭᠡᠳ ᠣᠨ ᠤ ᠰᠡᠭᠦᠯᠴᠢ᠂ ᠰᠢᠨ᠎ᠠ ᠵᠠᠭᠤᠨ ᠡᠴᠠ ᠡᠭᠢᠯᠡᠵᠤ 《ᠰᠢᠨ᠎ᠠ ᠭᠢᠴᠢᠶᠡᠯᠯᠡᠭᠡ》 ᠭᠡᠳᠡᠭ᠌ ᠣᠬᠠᠭᠳᠠᠬᠤᠨ ᠳᠤᠷᠠᠳᠤᠭᠳᠠᠭᠰᠠᠨ ᠡᠴᠠ ᠨᠠᠰᠢ ᠥᠰᠦᠭ᠍ᠴᠢᠯᠡᠵᠤ (ᠦᠶᠡᠴᠢᠯᠠᠵᠤ) ᠣᠩᠰᠢᠬᠤ ᠴᠠᠭ ᠤᠨ ᠬᠠᠷᠢᠴᠠᠯ ᠢ ᠪᠠᠭᠠᠰᠬᠠᠵᠤ᠂ ᠬᠤᠶᠠᠳᠤᠭᠠᠷ ᠣᠨ ᠤ ᠳᠡᠭᠡᠳᠤ ᠬᠤᠭᠤᠴᠠᠭ᠎ᠠ ᠡᠴᠠ ᠥᠭᠡᠴᠢᠯᠡᠵᠤ ᠣᠩᠰᠢᠬᠤ ᠶᠢ ᠵᠦᠪᠰᠢᠶᠠᠷᠠᠵᠤ᠂ ᠱᠠᠭᠠᠷᠳᠠᠬᠤ ᠪᠣᠯᠤᠭᠰᠠᠨ᠃ ᠳᠡᠭᠡᠭ᠍ᠰᠡᠨ ᠡᠴᠠ ᠵᠢᠭᠠᠨ ᠰᠤᠷᠭᠠᠯᠳᠠ ᠶᠢᠨ ᠶᠠᠪᠣᠴᠠ ᠳᠤ ᠳᠤᠩ ᠣᠯᠠᠨ ᠮᠠᠷᠭᠤᠯᠳᠤᠭᠠᠨ ᠡᠭᠦᠰᠴᠤ᠂ ᠰᠤᠷᠤᠭᠴᠢᠳ ᠤᠨ ᠳᠠᠰᠢᠶ᠎ᠠ ᠪᠢᠴᠢᠯᠭᠡ ᠣᠯᠠᠰᠢᠷᠠᠵᠤ ᠪᠠᠢ᠌ᠭ᠎ᠠ ᠦᠨᠳᠦᠰᠦᠨ ᠰᠢᠯᠳᠠᠭᠠᠨ ᠢ ᠭᠡᠳᠤ ᠡᠷᠳᠡ ᠥᠭᠡᠴᠢᠯᠡᠵᠤ ᠣᠩᠰᠢᠭᠰᠠᠨ ᠡᠴᠠ ᠪᠣᠯᠤᠯ᠎ᠠ ᠭᠡᠰᠡᠨ ᠦᠵᠡᠯᠳᠠ ᠲᠡᠶ ᠭᠦᠮᠤᠨ ᠳᠤᠩ ᠣᠯᠠᠰᠢᠷᠠᠭᠰᠠᠨ ᠶᠤᠮ᠃

ᠡᠨᠡᠭᠦ ᠦᠵᠡᠯᠳᠠ ᠦᠨᠳᠦᠰᠦᠯᠠᠯ ᠦᠭᠡᠶ ᠪᠢᠰᠢ᠃ ᠭᠡᠪᠠᠴᠤ ᠰᠤᠷᠤᠭᠴᠢᠳ ᠤᠨ ᠵᠦᠪ ᠪᠢᠴᠢᠯᠭᠡ ᠶᠢ ᠳᠡᠭᠡᠭ᠍ᠰᠢᠯᠡᠭᠦᠯᠭᠦ ᠶᠠᠪᠣᠳᠠᠯ᠂ ᠥᠰᠦᠭ᠍ᠴᠢᠯᠡᠵᠤ (ᠦᠶᠡᠴᠢᠯᠠᠵᠤ) ᠣᠩᠰᠢᠬᠤ ᠴᠠᠭ ᠢ ᠭᠡᠳᠦᠢ ᠣᠷᠳᠤᠤᠠᠬᠠᠬᠤ ᠳᠤ ᠪᠠᠢ᠌ᠬᠤ ᠪᠢᠰᠢ᠃ ᠳᠡᠭᠡᠭᠦ ᠮᠥᠷᠳᠡᠭᠡᠨ ᠵᠥᠪᠭᠡᠨ ᠥᠰᠦᠭ᠍ᠴᠢᠯᠡᠵᠤ (ᠦᠶᠡᠴᠢᠯᠠᠵᠤ) ᠣᠩᠰᠢᠬᠤ ᠶᠢ ᠭᠦᠡᠳᠦᠳᠭᠡᠭᠦ ᠨᠢ ᠭᠡᠯᠡ ᠪᠢᠴᠢᠭ᠌ ᠤᠨ ᠪᠠᠷᠢᠮᠵᠢᠶ᠎ᠠ ᠠᠪᠢᠶᠠᠨ ᠳᠤ ᠬᠠᠷᠰᠢ ᠲᠡᠶ ᠭᠡᠳᠡᠭ᠌ ᠢ ᠣᠯᠠᠩᠭᠢ ᠭᠦᠮᠤᠨ ᠳᠠᠮᠠᠢ ᠠᠩᠬᠠᠷᠤᠯ ᠳᠤ ᠪᠠᠨ ᠠᠪᠴᠤ ᠳᠡᠢ᠌ᠯᠦᠭᠡ ᠦᠭᠡᠶ ᠪᠠᠢ᠌ᠭᠰᠠᠭᠠᠷ᠃ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠵᠦᠪ ᠪᠢᠴᠢᠯᠭᠡ ᠪᠠ ᠵᠦᠪ (ᠪᠠᠷᠢᠮᠵᠢᠶ᠎ᠠ) ᠣᠩᠰᠢᠯᠭ᠎ᠠ ᠶᠢᠨ ᠴᠢᠳᠠᠪᠣᠷᠢ ᠶᠢ ᠠᠳᠠᠯᠢᠬᠠᠨ ᠭᠦᠭ᠍ᠵᠢᠭᠦᠯᠦᠶ᠎ᠡ ᠭᠡᠪᠠᠯ ᠥᠰᠦᠭ᠍ᠴᠢᠯᠡᠵᠤ (ᠦᠶᠡᠴᠢᠯᠠᠵᠤ) ᠣᠩᠰᠢᠬᠤ ᠪᠠ ᠥᠭᠡᠴᠢᠯᠡᠵᠤ ᠣᠩᠰᠢᠬᠤ ᠶᠢᠨ ᠮᠦᠨ ᠴᠢᠨᠠᠷ ᠢ ᠣᠢ᠌ᠯᠠᠭᠠᠵᠤ᠂ ᠳᠡᠭᠦᠨ ᠤ ᠵᠢᠮ᠎ᠠ ᠬᠠᠤᠯᠢ ᠪᠠᠷ ᠵᠢᠭᠠᠨ ᠰᠤᠷᠭᠠᠯᠳᠠ ᠪᠠᠨ ᠵᠤᠬᠢᠶᠠᠨ ᠪᠠᠢ᠌ᠭᠤᠯᠬᠤ ᠭᠡᠷᠡᠭ᠍ᠳᠡᠢ ᠶᠤᠮ᠃

ᠳᠡᠭᠡᠪᠠᠯ ᠥᠰᠦᠭ᠍ᠴᠢᠯᠡᠵᠤ (ᠦᠶᠡᠴᠢᠯᠠᠵᠤ) ᠣᠩᠰᠢᠬᠤ ᠪᠠ ᠥᠭᠡᠴᠢᠯᠡᠵᠤ ᠣᠩᠰᠢᠬᠤ ᠶᠢᠨ ᠮᠦᠨ ᠴᠢᠨᠠᠷ ᠨᠢ ᠶᠠᠭᠤ ᠪᠣᠢ︖ ᠭᠡᠪᠠᠯ 《ᠪᠢᠴᠢᠭ᠌ ᠤᠨ ᠭᠡᠯᠡ》 ᠪᠠ 《ᠶᠠᠷᠢᠶᠠᠨ ᠤ ᠭᠡᠯᠡᠨ》 ᠭᠡᠭᠦ ᠣᠬᠠᠭᠳᠠᠬᠤᠨ ᠳᠤᠷᠠᠳᠤᠭᠳᠠᠬᠤ ᠪᠣᠯᠤᠨ᠎ᠠ᠃ ᠥᠰᠦᠭ᠍ᠴᠢᠯᠡᠵᠤ (ᠦᠶᠡᠴᠢᠯᠠᠵᠤ) ᠣᠩᠰᠢᠬᠤ ᠨᠢ ᠪᠢᠴᠢᠭ᠌ ᠤᠨ ᠭᠡᠯᠡ ᠪᠠᠷ ᠣᠩᠰᠢᠬᠤ ᠶᠢ ᠵᠢᠭᠠᠵᠤ᠂ ᠥᠭᠡᠴᠢᠯᠡᠵᠤ ᠣᠩᠰᠢᠬᠤ ᠨᠢ ᠬᠠᠷᠢᠨ ᠶᠠᠷᠢᠶᠠᠨ ᠤ ᠭᠡᠯᠡ ᠪᠠᠷ ᠣᠩᠰᠢᠵᠤ ᠪᠠᠢ᠌ᠭ᠎ᠠ ᠶᠤᠮ᠃ ᠪᠢᠴᠢᠭ᠌ ᠪᠠ ᠶᠠᠷᠢᠶᠠᠨ ᠤ ᠭᠡᠯᠡ ᠪᠣᠯ ᠭᠦᠮᠤᠨ ᠤ ᠬᠤᠶᠠᠷ ᠭᠦᠯ ᠰᠢᠭ᠌ ᠬᠠᠷᠢᠯᠴᠠᠨ ᠬᠤᠯᠪᠣᠯᠳᠤᠵᠤ᠂ ᠬᠠᠷᠢᠯᠴᠠᠨ ᠲᠦᠰᠢᠯᠴᠠᠵᠤ᠂ ᠰᠠᠯᠵᠤ ᠪᠣᠯᠬᠤ ᠦᠭᠡᠶ ᠣᠶᠠᠯᠳᠤᠵᠤ ᠪᠠᠢ᠌ᠳᠠᠭ᠃ ᠡᠢ᠌ᠮᠤ ᠡᠴᠠ ᠵᠢᠭᠠᠨ ᠰᠤᠷᠭᠠᠯᠳᠠ ᠳᠤ ᠳᠠᠷᠠ ᠬᠤᠶᠠᠷ ᠨᠢ ᠬᠠᠷᠢᠯᠴᠠᠨ ᠭᠠᠳᠠᠭᠤᠷᠴᠢᠯᠠᠵᠤ ᠪᠣᠯᠬᠤ ᠦᠭᠡᠶ ᠮᠥᠷᠳᠡᠭᠡᠨ᠂ ᠥᠷᠦᠭᠡᠰᠦᠭᠡᠯ ᠶᠢᠡᠷ ᠭᠦᠭ᠍ᠵᠢᠭᠦ ᠶᠢᠨ ᠪᠣᠯᠤᠯᠴᠠᠭ᠎ᠠ ᠴᠤ ᠪᠠᠢ᠌ᠬᠤ ᠦᠭᠡᠶ ᠶᠤᠮ᠃ ᠭᠡᠪᠠᠴᠤ ᠮᠤᠩᠭ᠋ᠤᠯ ᠭᠡᠯᠡᠨ ᠤ ᠢᠵᠢᠯ ᠨᠢᠭᠡ ᠥᠭᠡᠨ ᠳᠤ ᠪᠢᠴᠢᠭ᠌ ᠪᠠ ᠶᠠᠷᠢᠶᠠᠨ ᠤ ᠭᠡᠯᠡᠨ ᠤ ᠵᠦᠷᠢᠶᠠᠨ ᠣᠷᠤᠰᠢᠳᠠᠭ᠃ ᠡᠨᠡᠭᠦ ᠵᠦᠷᠢᠶᠠᠨ ᠨᠢ ᠣᠯᠠᠨ ᠳᠠᠯ᠎ᠠ ᠶᠢᠨ ᠰᠢᠯᠳᠠᠭᠠᠨ ᠡᠴᠠ ᠡᠭᠦᠰᠦᠭ᠍ᠰᠡᠨ ᠴᠤ᠂ ᠳᠤᠤᠷᠠᠭᠢ ᠬᠤᠶᠠᠷ ᠰᠢᠯᠳᠠᠭᠠᠨ ᠭᠤᠤᠯ ᠪᠠᠢ᠌ᠷᠢ ᠶᠢ ᠡᠵᠡᠯᠡᠵᠤ ᠪᠠᠢ᠌ᠭ᠎ᠠ ᠶᠤᠮ᠃

1. ᠶᠠᠷᠢᠶᠠᠨ ᠤ ᠭᠡᠯᠡᠨ ᠳᠤ ᠣᠷᠳᠤ ᠡᠭᠡᠰᠢᠭ᠌ ᠲᠡᠶ᠃ ᠭᠡᠪᠠᠴᠤ ᠪᠢᠴᠢᠭ᠌ ᠤᠨ ᠭᠡᠯᠡᠨ ᠳᠤ ᠣᠷᠳᠤ ᠡᠭᠡᠰᠢᠭ᠌ ᠢ ᠳᠡᠮᠳᠡᠭᠯᠡᠭᠦ ᠳᠤᠰᠬᠠᠢ ᠳᠡᠮᠳᠡᠭ᠌ ᠦᠭᠡᠶ᠃ ᠬᠠᠷᠢᠨ ᠭᠡᠳᠤ ᠭᠡᠳᠤᠨ ᠠᠪᠢᠶᠠᠨ ᠤ ᠨᠠᠢ᠌ᠯᠠᠪᠣᠷᠢ ᠪᠣᠶᠤ ᠪᠣᠭᠤᠨᠢ ᠡᠭᠡᠰᠢᠭ᠌ ᠶᠢᠡᠷ ᠳᠡᠮᠳᠡᠭᠯᠡᠴᠢᠭᠡᠭᠡᠳ᠂ ᠣᠷᠳᠤᠤᠠᠬᠠᠨ ᠣᠩᠰᠢᠳᠠᠭ᠃ ᠡᠨᠡᠭᠦ ᠰᠢᠯᠳᠠᠭᠠᠨ ᠡᠴᠠ ᠪᠣᠯᠵᠤ ᠪᠢᠴᠢᠭ᠌ ᠪᠠ ᠶᠠᠷᠢᠶᠠᠨ ᠤ ᠭᠡᠯᠡᠨ ᠳᠤ ᠢᠵᠢᠯ ᠨᠢᠭᠡ ᠥᠭᠡ ᠶᠢᠨ ᠦᠶ᠎ᠡ ᠶᠢᠨ ᠳᠤᠭ᠎ᠠ ᠵᠦᠷᠢᠶᠠᠨ ᠲᠡᠶ ᠪᠣᠯᠬᠤ ᠥᠵᠡᠭ᠍ᠳᠡᠯ ᠪᠣᠢ ᠪᠣᠯᠳᠠᠭ᠃ ᠵᠢᠱᠢᠶᠠᠯᠠᠪᠠᠯ᠄ 《ᠠᠭᠤᠷ》 ᠭᠡᠭᠦ ᠥᠭᠡ ᠨᠢ ᠪᠢᠴᠢᠭ᠌ ᠲᠤ 《ᠠ᠊ ᠊ᠭᠤᠷ》 ᠭᠡᠭᠦ ᠬᠤᠶᠠᠷ ᠦᠶ᠎ᠡ ᠲᠡᠶ ᠴᠤ᠂ ᠶᠠᠷᠢᠶᠠᠨ ᠳᠤ 《ᠣ ᠊᠊᠊᠊᠊᠊᠊᠊᠊᠊᠊᠊᠊᠊᠊ ᠊ᠷ》 ᠭᠡᠭᠦ ᠭᠠᠭᠴᠠᠬᠠᠨ ᠦᠶ᠎ᠡ ᠲᠡᠶ ᠪᠠᠢ᠌ᠳᠠᠭ᠃ ᠡ᠊ᠨᠳᠡ ᠢᠯᠡᠷᠡᠭ᠍ᠰᠡᠨ 《ᠬᠤᠶᠠᠷ》 ᠪᠠ 《ᠨᠢᠭᠡ》 ᠶᠢᠨ ᠵᠦᠷᠢᠶᠠᠨ ᠪᠣᠯ ᠳᠠᠷᠤᠢ 《ᠣ》 ᠣᠷᠳᠤ ᠡᠭᠡᠰᠢᠭ᠌ ᠢ ᠳᠡᠮᠳᠡᠭᠯᠡᠭᠦ ᠭᠡᠷᠡᠭ᠍ᠴᠡᠭᠡᠨ ᠡᠴᠠ ᠡᠭᠦᠰᠦᠭ᠍ᠰᠡᠨ ᠵᠦᠷᠢᠶᠠᠨ ᠪᠣᠯᠤᠨ᠎ᠠ᠃ ᠠᠳᠠᠯᠢᠬᠠᠨ ᠣᠷᠳᠤ ᠡᠭᠡᠰᠢᠭ᠌ ᠢ ᠠᠳᠠᠯᠢ ᠪᠣᠰᠤ ᠥᠭᠡᠨ ᠳᠤ ᠠᠳᠠᠯᠢ ᠪᠣᠰᠤ ᠪᠠᠷ ᠳᠡᠮᠳᠡᠭᠯᠡᠵᠤ ᠪᠣᠯᠤᠨ᠎ᠠ᠃ ᠡᠨᠡ ᠮᠠᠳᠤ ᠪᠠᠷ ᠶᠠᠷᠢᠶᠠᠨ ᠤ ᠭᠡᠯᠡᠨ ᠳᠤ ᠪᠠᠢ᠌ᠬᠤ ᠶ‍ᠢᠰᠤᠨ ᠣᠷᠳᠤ ᠡᠭᠡᠰᠢᠭ᠌ ᠢ ᠳᠡᠮᠳᠡᠭᠯᠡᠭᠦ ᠳᠤ ᠠᠪᠢᠶᠠᠨ ᠤ ᠨᠠᠢ᠌ᠯᠠᠪᠣᠷᠢ ᠪᠠᠷ ᠳᠡᠮᠳᠡᠭᠯᠡᠭᠦ ᠡᠳᠦᠢ ᠳᠠᠳᠤᠢ ᠠᠷᠭ᠎ᠠ ᠪᠠᠢ᠌ᠬᠤ ᠪᠣᠯᠬᠤᠷ᠂ ᠨᠢᠭᠡ ᠠᠪᠢᠶᠠᠯᠠᠪᠣᠷᠢ ᠶᠢ ᠣᠯᠠᠨ ᠶᠠᠩᠵᠤ ᠪᠠᠷ ᠳᠡᠮᠳᠡᠭᠯᠡᠭᠦ᠂ ᠢᠵᠢᠯ ᠨᠢᠭᠡ ᠥᠭᠡᠨ ᠳᠤ ᠪᠢᠴᠢᠭ᠌ ᠪᠠ ᠶᠠᠷᠢᠶᠠᠨ ᠭᠡᠯᠡᠨ ᠤ ᠦᠶ᠎ᠡ ᠶᠢᠨ ᠳᠤᠭ᠎ᠠ ᠲᠡᠩᠴᠡᠬᠦᠤ ᠪᠣᠰᠤ ᠪᠣᠯᠬᠤ ᠥᠵᠡᠭ᠍ᠳᠡᠯ ᠪᠠᠢ᠌ᠩᠭ᠋ᠤ ᠢᠯᠡᠷᠡᠳᠡᠭ᠌ ᠪᠠᠢ᠌ᠨ᠎ᠠ᠃ ᠡᠭᠦᠨ ᠢ ᠭᠡᠯᠡ ᠵᠦᠢ ᠳᠡᠭᠡᠷ᠎ᠡ 《ᠪᠢᠴᠢᠭ᠌ ᠪᠠ ᠶᠠᠷᠢᠶᠠᠨ ᠤ ᠭᠡᠯᠡᠨ ᠤ ᠦᠶ᠎ᠡ ᠶᠢᠨ ᠪᠦᠳᠦᠴᠡ ᠶᠢᠨ ᠵᠦᠷᠢᠶ᠎ᠠ》 ᠭᠡᠳᠡᠭ᠌᠃ ᠡᠨᠡᠭᠦ ᠭᠡᠯᠡᠯᠭᠡ ᠨᠢ ᠳᠤᠭᠠᠨ ᠤ ᠵᠦᠷᠢᠶᠠᠨ ᠢ ᠢᠯᠡᠷᠡᠭᠦᠯᠦᠭ᠍ᠰᠡᠨ ᠳᠠᠳᠤᠢ ᠪᠢᠰᠢ᠂ ᠬᠠᠷᠢᠨ ᠢᠵᠢᠯ ᠨᠢᠭᠡ ᠥᠭᠡᠨ ᠳ᠋ᠠᠭᠢ 《ᠦᠶ᠎ᠡ ᠶᠢᠨ ᠪᠦᠳᠦᠴᠡ》 ᠊᠊᠊᠊᠊᠊᠊᠊᠊᠊᠊᠊᠊᠊᠊ ᠡᠭᠡᠰᠢᠭ᠌ ᠭᠡᠢ᠌ᠭᠦᠯᠦᠭ᠍ᠴᠢ ᠶᠢᠨ ᠣᠷᠤᠯᠴᠠᠭ᠎ᠠ ᠶᠢᠨ ᠵᠦᠷᠢᠶᠠᠨ ᠢ ᠴᠤ ᠳᠤᠰᠬᠠᠵᠤ ᠪᠠᠢ᠌ᠭ᠎ᠠ ᠶᠤᠮ᠃ ᠵᠢᠱᠢᠶᠠᠯᠠᠵᠤ ᠶᠠᠷᠢᠪᠠᠯ᠄ 《ᠠᠭᠤᠷ》 ᠭᠡᠳᠡᠭ᠌ ᠥᠭᠡ ᠨᠢ ᠪᠢᠴᠢᠭ᠌ ᠤᠨ ᠭᠡᠯᠡᠨ 《ᠠ᠊ (ᠡᠭᠡᠰᠢᠭ᠌) ᠊ᠭᠤᠷ (ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ)》 ᠭᠡᠭᠦ ᠬᠤᠶᠠᠷ ᠦᠶ᠎ᠡ᠂ ᠳᠦᠷᠪᠡᠨ ᠥᠰᠦᠭ᠌ ᠲᠡᠶ ᠪᠠᠢ᠌ᠬᠤ ᠳᠤ ᠶᠠᠷᠢᠶᠠᠨ ᠳᠤ 《ᠡᠤ᠋ ᠊᠊᠊᠊᠊᠊᠊᠊᠊᠊᠊᠊᠊᠊᠊ ᠊ᠷ (ᠡᠭᠡᠰᠢᠭ᠌ ᠭᠡᠢ᠌ᠭᠦᠯᠦᠭ᠍ᠴᠢ)》 ᠭᠡᠭᠦ ᠬᠤᠶᠠᠷ ᠥᠰᠦᠭ᠌ ᠪᠦᠭᠦᠢ ᠭᠠᠭᠴᠠᠬᠠᠨ ᠦᠶ᠎ᠡ ᠲᠡᠶ ᠪᠠᠢ᠌ᠨ᠎ᠠ᠃ ᠳᠡᠭᠡᠷᠡᠭᠢ ᠵᠠᠳᠠᠯᠤᠯᠳᠠ ᠡᠴᠠ ᠮᠡᠳᠡᠭᠦ ᠨᠢ᠄ 《ᠡᠭᠡᠰᠢᠭ᠌ ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ》 ᠭᠡᠭᠦ ᠳᠦᠷᠪᠡᠨ ᠥᠰᠦᠭ᠌ ᠤᠨ ᠬᠤᠶᠠᠷ ᠭᠤᠷᠪᠠᠳᠤᠭᠠᠷ ᠥᠰᠦᠭ᠌ 《ᠭᠡᠢ᠌ᠭᠦᠯᠦᠭ᠍ᠴᠢ ᠡᠭᠡᠰᠢᠭ᠌》 ᠨᠢ 《ᠣ ᠊᠊᠊᠊᠊᠊᠊᠊᠊᠊᠊᠊᠊᠊᠊》 ᠣᠷᠳᠤ ᠡᠭᠡᠰᠢᠭ᠌ ᠢ ᠳᠡᠮᠳᠡᠭᠯᠡᠭᠦ ᠳᠤ ᠭᠡᠷᠡᠭᠯᠡᠭ᠍ᠳᠡᠭ᠍ᠰᠡᠨ ᠪᠠᠢ᠌ᠨ᠎ᠠ᠃

2. ᠶᠠᠷᠢᠶᠠᠨ ᠳᠤ ᠥᠭᠡ ᠶᠢᠨ ᠨᠢᠭᠡᠳᠦᠭᠡᠷ ᠦᠶ᠎ᠡ ᠡᠴᠠ ᠬᠣᠢ᠌ᠰᠢ ᠣᠷᠤᠭᠰᠠᠨ ᠪᠣᠭᠤᠨᠢ ᠡᠭᠡᠰᠢᠭ᠌ ᠪᠠᠯᠠᠷᠬᠠᠢ ᠰᠤᠨᠤᠰᠳᠠᠬᠤ ᠪᠣᠶᠤ ᠭᠡᠭᠡᠭ᠍ᠳᠡᠭᠦ ᠥᠵᠡᠭ᠍ᠳᠡᠯ ᠲᠡᠶ᠃ ᠭᠡᠪᠠᠴᠤ ᠪᠢᠴᠢᠭ᠌ ᠲᠤ ᠪᠠᠯᠠᠷᠬᠠᠢ᠌ᠰᠢᠭᠤᠯᠵᠤ ᠳᠡᠮᠳᠡᠭᠯᠡᠭᠦ ᠪᠣᠶᠤ ᠭᠡᠭᠡᠭ᠍ᠳᠡᠭᠦᠯᠤᠨ ᠳᠡᠮᠳᠡᠭᠯᠡᠭᠦ ᠳᠤᠰᠬᠠᠢ ᠠᠷᠭ᠎ᠠ ᠦᠭᠡᠶ ᠪᠣᠯᠬᠤᠷ᠂ ᠢᠵᠢᠯ ᠨᠢᠭᠡ ᠥᠭᠡᠨ ᠤ ᠪᠢᠴᠢᠭ᠌ ᠪᠠ ᠶᠠᠷᠢᠶᠠᠨ ᠤ ᠭᠡᠯᠡᠨ ᠤ ᠦᠶ᠎ᠡ ᠶᠢᠨ ᠪᠦᠳᠦᠴᠡ ᠶᠢᠨ ᠵᠦᠷᠢᠶᠠᠨ ᠪᠣᠢ ᠪᠣᠯᠳᠠᠭ᠃ ᠵᠢᠱᠢᠶᠠᠯᠠᠪᠠᠯ᠄ 《ᠨᠢᠳᠤ》 ᠭᠡᠭᠦ ᠥᠭᠡ ᠪᠢᠴᠢᠭ᠌ ᠲᠤ 《ᠨᠢ᠊ (ni) (ᠭᠡᠢ᠌ᠭᠦᠯᠦᠭ᠍ᠴᠢ ᠡᠭᠡᠰᠢᠭ᠌) ᠳᠤ (du) (ᠭᠡᠢ᠌ᠭᠦᠯᠦᠭ᠍ᠴᠢ ᠡᠭᠡᠰᠢᠭ᠌)》 ᠭᠡᠭᠦ ᠬᠤᠶᠠᠷ ᠦᠶ᠎ᠡ ᠲᠡᠶ ᠪᠠᠢ᠌ᠬᠤ ᠳᠤ ᠶᠠᠷᠢᠶᠠᠨ ᠳᠤ 《ᠨᠦᠳ (nud) (ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ)》 ᠭᠡᠭᠦ ᠨᠢᠭᠡᠭᠡᠨ ᠦᠶ᠎ᠡ ᠲᠡᠶ ᠪᠣᠯᠵᠠᠢ᠃ ᠡᠨᠡᠭᠦ ᠶᠠᠪᠣᠴᠠ ᠳᠤ ᠪᠣᠢ ᠪᠣᠯᠤᠭᠰᠠᠨ ᠨᠢᠭᠡ ᠡᠭᠡᠰᠢᠭ᠌ ᠤᠨ ᠵᠦᠷᠢᠶᠠᠨ ᠨᠢ ᠳᠠᠷᠤᠢ ᠬᠤᠶᠠᠳᠤᠭᠠᠷ ᠦᠶ᠎ᠡ ᠳᠤ ᠣᠷᠤᠭᠰᠠᠨ ᠪᠣᠭᠤᠨᠢ ᠡᠭᠡᠰᠢᠭ᠌ ᠶᠠᠷᠢᠶᠠᠨ ᠳᠤ ᠭᠡᠭᠡᠭ᠍ᠳᠡᠭ᠍ᠰᠡᠨ ᠡᠴᠠ ᠪᠣᠯᠵᠠᠢ᠃ ᠪᠠᠰᠠ ᠨᠢᠭᠡ ᠵᠢᠱᠢᠶ᠎ᠠ ᠳᠠᠳᠠᠪᠠᠯ᠄ 《ᠵᠠᠪᠳᠤᠬᠤ》 ᠭᠡᠭᠦ ᠥᠭᠡᠨ ᠤ ᠬᠤᠶᠠᠳᠤᠭᠠᠷ ᠦᠶ᠎ᠡ 《ᠳ᠋ᠣ᠊》 ᠶᠢᠨ 《ᠣ》 ᠡᠭᠡᠰᠢᠭ᠌ ᠨᠢ ᠪᠠᠯᠠᠷᠬᠠᠢ ᠰᠤᠨᠤᠰᠳᠠᠬᠤ ᠡᠴᠠ ᠨᠢᠭᠡᠳᠦᠭᠡᠷ ᠦᠶ᠎ᠡ ᠶᠢᠨ 《ᠠ᠊》 ᠡᠭᠡᠰᠢᠭ᠌ ᠲᠤ ᠨᠥᠯᠦᠭᠡᠯᠡᠭ᠍ᠳᠡᠨ 《ᠠ᠊》 ᠰᠢᠭ᠌ ᠰᠤᠨᠤᠰᠳᠠᠬᠤ ᠪᠣᠯᠤᠭᠰᠠᠨ᠃ 《᠊ᠬᠤ》 ᠦᠶ᠎ᠡ ᠶᠢᠨ 《 ᠤ》 ᠡᠭᠡᠰᠢᠭ᠌ ᠨᠢ ᠶᠠᠷᠢᠶᠠᠨ ᠳᠤ ᠭᠡᠭᠡᠭ᠍ᠳᠡᠭᠡᠳ 《ᠬ》 ᠭᠡᠢ᠌ᠭᠦᠯᠦᠭ᠍ᠴᠢ ᠨᠢ ᠡᠮᠦᠨᠡᠭᠢ ᠦᠶ᠎ᠡ ᠳᠤ ᠪᠠᠨ ᠳᠡᠪᠢᠰᠭᠡᠷᠯᠡᠭ᠍ᠳᠡᠨ ᠭᠡᠷᠡᠭᠯᠡᠭ᠍ᠳᠡᠭ᠍ᠰᠡᠨ ᠪᠠᠢ᠌ᠨ᠎ᠠ᠃

ᠵᠠᠷᠢᠮ ᠦᠶ᠎ᠡ ᠳᠤ ᠳᠡᠭᠡᠷ᠎ᠡ ᠶᠠᠷᠢᠭᠰᠠᠨ ᠬᠤᠶᠠᠷ ᠵᠤᠷᠪᠣᠰ ᠠᠭᠤᠯᠭ᠎ᠠ ᠨᠢᠭᠡ ᠯᠠ ᠥᠭᠡᠨ ᠳᠤ ᠬᠠᠮᠳᠤ ᠢᠯᠡᠷᠡᠳᠡᠭ᠌᠃

ᠵᠢᠱᠢᠶᠠᠯᠠᠪᠠᠯ᠄ 《ᠰᠤᠷᠭᠠᠭᠤᠯᠢ》 ᠭᠡᠭᠦ ᠥᠭᠡ ᠪᠢᠴᠢᠭ᠌ ᠲᠤ 《ᠰᠤᠷ (ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ) ᠊ᠭᠠ᠊ (ᠭᠡᠢ᠌ᠭᠦᠯᠦᠭ᠍ᠴᠢ ᠡᠭᠡᠰᠢᠭ᠌) ᠊ᠭᠤ᠋ (ᠭᠡᠢ᠌ᠭᠦᠯᠦᠭ᠍ᠴᠢ ᠡᠭᠡᠰᠢᠭ᠌) ᠊ᠯᠢ (ᠭᠡᠢ᠌ᠭᠦᠯᠦᠭ᠍ᠴᠢ ᠡᠭᠡᠰᠢᠭ᠌)》 ᠭᠡᠭᠦ ᠳᠦᠷᠪᠡᠨ ᠦᠶ᠎ᠡ ᠲᠡᠶ ᠶ‍ᠢᠰᠤᠨ ᠥᠰᠦᠭ᠌ ᠡᠴᠠ ᠪᠦᠳᠦᠭ᠍ᠰᠡᠨ ᠥᠭᠡ ᠪᠠᠢ᠌ᠬᠤ ᠳᠤ ᠶᠠᠷᠢᠶᠠᠨ ᠳᠤ 《ᠰᠤᠷ (ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ) ᠊ᠭᠤ᠋ ᠊᠊᠊᠊᠊᠊᠊᠊᠊᠊᠊᠊᠊᠊᠊ ᠊ᠯ (ᠭᠡᠢ᠌ᠭᠦᠯᠦᠭ᠍ᠴᠢ ᠡᠭᠡᠰᠢᠭ᠌ ᠭᠡᠢ᠌ᠭᠦᠯᠦᠭ᠍ᠴᠢ)》 ᠭᠡᠭᠦ ᠬᠤᠶᠠᠷᠬᠠᠨ ᠦᠶ᠎ᠡ ᠲᠡᠶ ᠨᠠᠢ᠌ᠳᠠ ᠵᠢᠷᠭᠤᠭᠠᠨ ᠥᠰᠦᠭ᠌ ᠡᠴᠠ ᠪᠦᠷᠢᠯᠳᠦᠭ᠍ᠰᠡᠨ ᠥᠭᠡ ᠪᠣᠯᠴᠢᠬᠠᠨ᠎ᠠ᠃ ᠳᠦᠷᠪᠡᠨ ᠦᠶ᠎ᠡ ᠬᠤᠶᠠᠷᠬᠠᠨ ᠦᠶ᠎ᠡ ᠪᠣᠯᠤᠭᠰᠠᠨ᠂ ᠶ‍ᠢᠰᠤᠨ ᠥᠰᠦᠭ᠌ ᠵᠢᠷᠭᠤᠭᠠᠬᠠᠨ ᠪᠣᠯᠵᠤ ᠬᠠᠰᠤᠭᠳᠠᠭᠰᠠᠨ ᠰᠢᠯᠳᠠᠭᠠᠨ ᠨᠢ ᠠᠰᠬᠠᠨ ᠵᠢᠷᠤᠭᠠᠰᠤᠳᠤ ᠥᠰᠦᠭ᠌ ᠤᠳ ᠤᠨ ᠨᠠᠢ᠌ᠯᠠᠪᠣᠷᠢ ᠪᠠᠷ 《ᠣ》 ᠣᠷᠳᠤ ᠡᠭᠡᠰᠢᠭ᠌ ᠢ ᠳᠡᠮᠳᠡᠭᠯᠡᠵᠤ ᠮᠤᠷᠤᠢ ᠵᠢᠷᠤᠭᠠᠰᠤᠳᠤ ᠥᠰᠦᠭ᠌ (ᠪᠣᠭᠤᠨᠢ ᠡᠭᠡᠰᠢᠭ᠌) ᠭᠡᠭᠡᠭ᠍ᠳᠡᠭ᠍ᠰᠡᠨ ᠡᠴᠠ ᠪᠣᠯᠵᠠᠢ᠃

ᠳᠡᠭᠡᠷᠡᠭᠢ ᠵᠦᠷᠢᠶᠠᠨ ᠢ ᠣᠢ᠌ᠯᠠᠭᠠᠪᠠᠯ᠂ ᠵᠢᠭᠠᠨ ᠰᠤᠷᠭᠠᠯᠳᠠ ᠳᠤ ᠥᠰᠦᠭ᠍ᠴᠢᠯᠡᠵᠤ (ᠦᠶᠡᠴᠢᠯᠠᠵᠤ) ᠣᠩᠰᠢᠬᠤ ᠪᠠ ᠥᠭᠡᠴᠢᠯᠡᠵᠤ ᠣᠩᠰᠢᠬᠤ ᠶᠢᠨ ᠠᠯᠢ ᠶᠢ ᠨᠢ ᠭᠦᠡᠳᠦᠳᠭᠡᠭᠦ ᠨᠢ ᠴᠢᠬᠤᠯᠠ ᠪᠢᠰᠢ᠂ ᠬᠠᠷᠢᠨ ᠭᠡᠷᠭᠢᠨ ᠬᠤᠶᠠᠷ ᠵᠣᠢ᠌ᠯ ᠤᠨ ᠣᠩᠰᠢᠯᠭ᠎ᠠ ᠶᠢ ᠠᠳᠠᠯᠢᠬᠠᠨ ᠴᠢᠬᠤᠯᠠᠴᠢᠯᠠᠵᠤ᠂ ᠪᠢᠴᠢᠭ᠌ ᠪᠠ ᠶᠠᠷᠢᠶᠠᠨ ᠤ ᠭᠡᠯᠡᠨ ᠶᠢ ᠴᠦᠮ ᠵᠦᠪ ᠡᠵᠡᠮᠰᠢᠭᠦᠯᠭᠦ ᠪᠣᠢ ᠭᠡᠳᠡᠭ᠌ ᠨᠢ ᠴᠢᠬᠤᠯᠠ ᠭᠡᠳᠡᠭ᠌ ᠢ ᠪᠠᠭᠰᠢ ᠨᠡᠷ ᠣᠢ᠌ᠯᠠᠭᠠᠬᠤ ᠪᠣᠯᠤᠨ᠎ᠠ᠃ ᠡᠢ᠌ᠮᠤ ᠡᠴᠠ ᠥᠰᠦᠭ᠍ᠴᠢᠯᠡᠵᠤ (ᠦᠶᠡᠴᠢᠯᠠᠵᠤ) ᠣᠩᠰᠢᠬᠤ ᠪᠠ ᠥᠭᠡᠴᠢᠯᠡᠵᠤ ᠣᠩᠰᠢᠬᠤ ᠶᠢᠨ ᠬᠤᠪᠢ ᠳᠤ ᠠᠪᠴᠤ ᠭᠡᠯᠡᠪᠠᠯ ᠭᠦᠮᠤᠨ ᠤ ᠬᠤᠶᠠᠷ ᠭᠦᠯ ᠰᠢᠭ᠌ ᠭᠡᠵᠢᠶᠡᠳᠡ ᠵᠡᠷᠭᠡᠴᠡᠨ ᠣᠷᠤᠰᠢᠪᠠᠯ ᠵᠤᠭᠢᠨ᠎ᠠ᠃ ᠭᠡᠭᠦ ᠳᠤ ᠣᠳᠤᠬᠠᠨ ᠤ ᠵᠢᠭᠠᠨ ᠰᠤᠷᠭᠠᠯᠳᠠ ᠳᠤ ᠥᠰᠦᠭ᠍ᠴᠢᠯᠡᠵᠤ (ᠦᠶᠡᠴᠢᠯᠠᠵᠤ) ᠣᠩᠰᠢᠬᠤ ᠨᠢ ᠭᠦᠩᠭᠡᠪᠴᠢᠯᠡᠭ᠍ᠳᠡᠭᠦ ᠬᠠᠠᠳᠤᠰᠢ ᠶᠡᠭᠡᠭᠡᠨ ᠬᠠᠷᠠᠭᠳᠠᠵᠤ ᠪᠠᠢ᠌ᠨ᠎ᠠ᠃ ᠰᠤᠷᠤᠭᠴᠢᠳ ᠶᠠᠷᠢᠶᠠᠨ ᠤ ᠭᠡᠯᠡ ᠪᠠᠷ ᠶᠢᠡᠨ ᠳᠡᠮᠳᠡᠭᠯᠡᠭᠦ ᠵᠤᠷᠰᠢᠯ ᠨᠠᠢ᠌ᠳᠠᠮ ᠣᠷᠤᠰᠢᠵᠤ᠂ ᠣᠷᠳᠤ ᠡᠭᠡᠰᠢᠭ᠌ ᠪᠣᠶᠤ ᠪᠣᠭᠤᠨᠢ ᠡᠭᠡᠰᠢᠭ᠌ ᠤᠨ ᠠᠪᠢᠶᠠᠯᠠᠭ᠎ᠠ ᠶᠢᠨ ᠵᠢᠷᠤᠮ ᠢ ᠬᠠᠢ᠌ᠬᠤᠷᠤᠯ ᠦᠭᠡᠶ᠂ ᠳᠠᠰᠢᠶ᠎ᠠ ᠪᠢᠴᠢᠭᠦ ᠥᠵᠡᠭ᠍ᠳᠡᠯ ᠥᠨᠡᠭᠡᠷ ᠣᠯᠠᠰᠢᠷᠠᠭᠰᠠᠨ ᠪᠠᠢ᠌ᠨ᠎ᠠ᠃ ᠣᠳᠤᠬᠠᠨ ᠳᠤ ᠪᠠᠭ᠎ᠠ ᠰᠤᠷᠭᠠᠭᠤᠯᠢ ᠶᠢᠨ ᠳᠡᠭᠡᠷ᠎ᠡ ᠣᠨ ᠪᠣᠶᠤ ᠠᠩᠬ᠎ᠠ ᠳᠤᠮᠳᠠᠳᠤ ᠶᠢᠨ ᠰᠤᠷᠤᠭᠴᠢᠳ ᠨᠠᠢ᠌ᠳᠠᠮ ᠳᠤ ᠪᠠᠨ ᠥᠰᠦᠭ᠍ᠴᠢᠯᠡᠨ ᠣᠩᠰᠢᠬᠤ ᠳᠠᠳᠬᠠᠯ ᠦᠭᠡᠶ᠃ ᠵᠠᠷᠢᠮ ᠨᠢ ᠪᠦᠷ ᠴᠤ ᠥᠰᠦᠭ᠍ᠴᠢᠯᠡᠨ ᠣᠩᠰᠢᠵᠤ ᠴᠢᠳᠠᠬᠤ ᠪᠠᠨ ᠪᠣᠯᠢᠵᠠᠢ᠃ ᠭᠡᠷᠪᠡ ᠪᠠᠭ᠎ᠠ ᠡᠴᠠ ᠪᠠᠨ ᠰᠢᠨ᠎ᠠ ᠰᠤᠷᠬᠤ ᠥᠭᠡ ᠪᠦᠭᠦᠨ ᠢ ᠪᠢᠴᠢᠭ᠌ ᠪᠠ ᠶᠠᠷᠢᠶᠠᠨ ᠤ ᠬᠤᠶᠠᠷ ᠭᠡᠯᠡ ᠪᠠᠷ ᠣᠩᠰᠢᠬᠤ ᠶᠢ ᠪᠠᠷᠢᠮᠳᠠᠯᠠᠵᠤ ᠵᠠᠩᠰᠢᠭᠰᠠᠨ ᠪᠣᠯ ᠡᠢ᠌ᠮᠦᠷᠭᠦ ᠠᠯᠳᠠᠭ᠎ᠠ ᠶᠢ ᠭᠢᠵᠠᠭᠠᠷᠯᠠᠵᠤ ᠪᠣᠯᠬᠤ ᠪᠠᠢ᠌ᠭᠰᠠᠨ ᠶᠤᠮ᠃ ᠢᠩᠭᠢᠵᠤ ᠭᠢᠭᠦ ᠡᠰᠡᠭᠦ ᠨᠢ ᠪᠠᠭᠰᠢ ᠶᠢᠨ ᠱᠠᠭᠠᠷᠳᠠᠯᠭ᠎ᠠ ᠡᠴᠠ ᠳᠤᠭᠳᠠᠭᠠᠭᠳᠠᠨ᠎ᠠ᠃

ᠡᠢ᠌ᠮᠤ ᠡᠴᠠ ᠪᠠᠭᠰᠢ ᠨᠡᠷ᠂ ᠣᠠᠴᠠᠭᠠᠢ᠌ᠯᠠᠨ ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠪᠠᠭᠰᠢ ᠨᠡᠷ 《ᠪᠢᠴᠢᠭ᠌ ᠪᠠ ᠶᠠᠷᠢᠶᠠᠨ ᠤ ᠭᠡᠯᠡᠨ ᠤ ᠦᠶ᠎ᠡ ᠶᠢᠨ ᠪᠦᠳᠦᠴᠡ ᠶᠢᠨ ᠵᠦᠷᠢᠶ᠎ᠠ》 ᠶᠢᠨ ᠵᠢᠮ᠎ᠠ ᠪᠠᠷ ᠰᠤᠷᠤᠭᠴᠢᠳ ᠤᠨ ᠣᠩᠰᠢᠬᠤ ᠪᠢᠴᠢᠭᠦ ᠴᠢᠳᠠᠪᠣᠷᠢ ᠶᠢᠨ ᠪᠣᠯᠪᠠᠰᠤᠷᠠᠯ ᠢ ᠵᠤᠬᠢᠶᠠᠨ ᠪᠠᠢ᠌ᠭᠤᠯᠬᠤ ᠶᠢ ᠠᠩᠬᠠᠷᠤᠯ ᠳᠤ ᠪᠠᠨ ᠠᠪᠣᠪᠠᠯ ᠵᠤᠭᠢᠨ᠎ᠠ᠃ ᠣᠴᠢᠷ ᠨᠢ ᠵᠢᠭᠠᠨ ᠰᠤᠷᠭᠠᠯᠳᠠ ᠳᠤ ᠶᠠᠮᠠᠷ ᠨᠢᠭᠡ ᠠᠷᠭ᠎ᠠ ᠠᠪᠴᠠᠯ ᠢ ᠭᠡᠷᠡᠭᠯᠡᠪᠠᠯ ᠵᠤᠭᠢᠬᠤ ᠪᠣᠢ︖ ᠭᠡᠳᠡᠭ᠌ ᠢ ᠰᠤᠷᠤᠭᠴᠢᠳ ᠤᠨ ᠪᠣᠳᠠᠳᠤ ᠪᠠᠢ᠌ᠳᠠᠯ᠂ ᠦᠨᠳᠦᠰᠦᠨ ᠭᠢᠷᠢ ᠭᠡᠮᠵᠢᠶ᠎ᠡ ᠶᠠᠮᠠᠷ ᠪᠠᠢ᠌ᠬᠤ ᠶᠢ ᠱᠠᠭᠠᠷᠳᠠᠬᠤ ᠪᠣᠢ︖ ᠭᠡᠭᠦ ᠪᠠᠷ ᠦᠨᠳᠦᠰᠦᠯᠠᠯ ᠪᠣᠯᠭᠠᠬᠤ ᠨᠢ ᠨᠠᠩ ᠪᠣᠳᠠᠳᠤ ᠦᠷ᠎ᠡ ᠠᠰᠢᠭ ᠲᠡᠶ ᠶᠤᠮ᠃

ᠳᠠᠭᠢᠪᠠᠯ ᠣᠮᠳᠤᠭᠣᠢ᠌ᠯᠠᠵᠤ ᠪᠣᠯᠤᠰᠢ ᠦᠭᠡᠶ ᠪᠠᠰᠡ ᠨᠢᠭᠡ ᠵᠣᠢ᠌ᠯ ᠭᠡᠪᠠᠯ᠄ ᠥᠰᠦᠭ᠍ᠴᠢᠯᠡᠵᠤ (ᠦᠶᠡᠴᠢᠯᠠᠵᠤ) ᠣᠩᠰᠢᠬᠤ ᠡᠴᠠ ᠪᠣᠯᠵᠤ ᠪᠠᠷᠢᠮᠵᠢᠶ᠎ᠠ ᠪᠣᠰᠤ ᠪᠠᠷ ᠣᠩᠰᠢᠬᠤ ᠶᠢ ᠴᠡᠭᠡᠷᠯᠡᠭᠦ ᠭᠡᠷᠡᠭ᠍ᠳᠡᠢ᠃ ᠥᠰᠦᠭ᠍ᠴᠢᠯᠡᠵᠤ (ᠦᠶᠡᠴᠢᠯᠠᠵᠤ) ᠣᠩᠰᠢᠬᠤ ᠳᠤ ᠦᠶ᠎ᠡ ᠪᠦᠷᠢ ᠳᠤᠳᠤ ᠣᠩᠰᠢᠭᠳᠠᠵᠤ ᠪᠣᠭᠤᠨᠢ ᠡᠭᠡᠰᠢᠭ᠌ ᠴᠤ ᠪᠠᠯᠠᠷᠬᠠᠢ᠌ᠰᠢᠬᠤ᠂ ᠭᠡᠭᠡᠭ᠍ᠳᠡᠭᠦ ᠶᠠᠪᠣᠳᠠᠯ ᠦᠭᠡᠶ᠃ ᠬᠠᠷᠢᠨ ᠣᠷᠳᠤ ᠡᠭᠡᠰᠢᠭ᠌ ᠤᠨ ᠪᠠᠷᠢᠮᠵᠢᠶ᠎ᠠ ᠪᠠᠷ ᠣᠩᠰᠢᠭᠳᠠᠳᠠᠭ᠃ ᠡᠨᠡᠭᠦ ᠰᠢᠯᠳᠠᠭᠠᠨ ᠡᠴᠠ ᠮᠠᠨ ᠤ ᠡᠳᠦᠷ ᠳᠤᠳᠤᠮ ᠤᠨ ᠶᠠᠷᠢᠶᠠᠨ ᠳᠤ ᠮᠠᠰᠢ ᠣᠯᠠᠨ ᠪᠠᠷᠢᠮᠵᠢᠶ᠎ᠠ ᠪᠣᠰᠤ ᠭᠡᠯᠡᠯᠭᠡ ᠪᠣᠢ ᠪᠣᠯᠵᠠᠢ᠃ ᠵᠢᠱᠢᠶᠠᠯᠠᠪᠠᠯ᠄ 《ᠭᠠᠷᠭᠠᠵᠤ》 ᠵᠢ 《gargaj 》 ᠭᠡᠵᠤ ᠣᠩᠰᠢᠬᠤ ᠪᠠᠢ᠌ᠳᠠᠯ᠎ᠠ᠂ 《garaaj》 ᠭᠡᠵᠤ ᠣᠩᠰᠢᠬᠤ ᠵᠡᠷᠭᠡ ᠪᠣᠭᠤᠨᠢ 《᠊ᠭᠠ᠊》 ᠵᠢ ᠣᠷᠳᠤᠤᠠᠬᠠᠵᠤ ᠳᠠᠰᠢᠶ᠎ᠠ ᠣᠩᠰᠢᠬᠤ ᠥᠭᠡ ᠣᠯᠠᠨ ᠪᠣᠢ᠃

ᠣᠷᠳᠤ ᠡᠭᠡᠰᠢᠭ᠌ ᠲᠡᠶ ᠣᠩᠰᠢᠬᠤ ᠪᠠᠢ᠌ᠳᠠᠯ᠎ᠠ ᠥᠰᠦᠭ᠍ᠴᠢᠯᠡᠵᠤ (ᠦᠶᠡᠴᠢᠯᠠᠵᠤ) ᠣᠩᠰᠢᠬᠤ ᠡᠴᠠ ᠪᠣᠯᠵᠤ ᠥᠰᠦᠭ᠍ᠴᠢᠯᠡᠯ (ᠦᠶᠡᠴᠢᠯᠠᠯ) ᠳᠤ ᠪᠠᠨ ᠣᠢ᠌ᠷᠠᠳᠤᠭᠤᠯᠵᠤ᠂ ᠪᠣᠭᠤᠨᠢ ᠪᠠᠷ ᠣᠩᠰᠢᠬᠤ ᠥᠵᠡᠭ᠍ᠳᠡᠯ ᠪᠣᠢ᠃ ᠵᠢᠱᠢᠶᠠᠯᠠᠪᠠᠯ᠄ ᠴᠢᠭᠢᠷᠠᠭ ᠴᠢᠭᠤᠯᠭᠠᠨ ᠁ ᠵᠡᠷᠭᠡ ᠵᠡᠷᠭᠡ ᠪᠣᠢ᠃

ᠡᠳᠡᠭᠡᠷ ᠳᠤᠳᠠᠭᠳᠠᠯ ᠪᠣᠯ ᠥᠰᠦᠭ᠍ᠴᠢᠯᠡᠵᠤ (ᠦᠶᠡᠴᠢᠯᠠᠵᠤ) ᠣᠩᠰᠢᠬᠤ ᠶᠠᠪᠣᠴᠠ ᠳᠤ ᠪᠠᠨ ᠥᠭᠡᠴᠢᠯᠡᠯ ᠤᠨ ᠪᠠᠷᠢᠮᠵᠢᠶ᠎ᠠ ᠶᠢ ᠠᠩᠬᠠᠷᠤᠭᠰᠠᠨ ᠦᠭᠡᠶ ᠲᠡᠶ ᠵᠤᠭᠢᠬᠤ ᠬᠤᠯᠪᠣᠭᠳᠠᠯ ᠲᠡᠶ ᠶᠤᠮ᠃

ᠳᠸᠯᠸᠢᠰ ᠳᠡᠭᠡᠷ᠎ᠡ ᠨᠠᠭᠢᠶ᠎ᠠ ᠳᠡᠯᠭᠡᠴᠡ ᠶᠢᠨ ᠭᠢᠨ ᠡᠮᠦᠨᠡᠳᠤ ᠭᠤᠷᠯᠤᠰ ᠶᠢᠡᠷ ᠭᠦᠷᠭᠦ ᠳᠤ᠂ ᠳᠠᠠᠳᠠᠭᠢ ᠶᠢᠨ ᠥᠭᠡ ᠭᠡᠯᠡᠨ ᠤ ᠳᠠᠯ᠎ᠠ ᠪᠠᠷ ᠭᠢᠳᠠᠤᠨ ᠵᠥᠭ᠌ ᠲᠡᠭᠡᠨ ᠭᠡᠯᠪᠠᠢ᠌ᠭ᠍ᠰᠡᠨ ᠮᠤᠩᠭ᠋ᠤᠯ ᠬᠡᠦᠬᠡᠳ ᠠᠰᠠᠨ᠎ᠠ ᠲᠡᠶ ᠶᠠᠷᠢᠯᠴᠠᠬᠤ ᠳᠤ ᠪᠠᠨ ᠭᠡᠳᠦᠭᠡᠨ ᠥᠭᠡ ᠪᠠᠨ ᠦᠶᠡᠴᠢᠯᠠᠵᠤ ᠶᠠᠷᠢᠵᠤ ᠪᠠᠢ᠌ᠭᠰᠠᠨ ᠢ ᠬᠠᠷᠠᠯ᠎ᠠ᠃ ᠳᠠᠳᠠᠨ ᠤ ᠮᠤᠩᠭ᠋ᠤᠯ ᠶᠢᠡᠷ ᠶᠢᠡᠨ ᠶᠠᠷᠢᠬᠤ ᠰᠠᠨ ᠭᠡᠭᠦ ᠭᠦᠰᠡᠯ ᠪᠠ ᠭᠢᠳᠠᠯ ᠨᠢ ᠥᠨᠡᠯᠡᠭᠦᠰᠢᠳᠡᠢ ᠴᠤ᠂ ᠭᠢᠳᠠᠤᠨ ᠶᠢᠡᠷ ᠬᠤᠯᠢᠭᠰᠠᠨ ᠦᠭᠡᠶ᠂ ᠶᠠᠷᠢᠭᠰᠠᠨ ᠦᠭᠡᠶ ᠨᠢ ᠪᠢᠰᠢᠷᠡᠭᠦᠰᠢᠳᠡᠢ ᠴᠤ᠂ ᠣᠷᠤᠰᠤᠮ᠎ᠠ ᠢᠷᠠᠭᠤ ᠮᠤᠩᠭ᠋ᠤᠯ ᠶᠠᠷᠢᠶ᠎ᠠ ᠳᠤ ᠮᠠᠨᠢ ᠥᠰᠦᠭᠯᠡᠯ ᠤᠨ ᠬᠠᠷᠢᠴᠠᠯ ᠵᠠᠢ ᠡᠵᠡᠯᠡᠪᠠᠯ ᠶᠠᠮᠠᠷᠬᠠᠨ ᠭᠠᠰᠢᠭᠤᠨ ᠪᠣᠯᠬᠤ ᠶᠢ ᠰᠡᠷᠡᠭᠦᠯᠦᠭ᠍ᠰᠡᠨ ᠶᠤᠮ᠃

ᠪᠠᠷᠢᠮᠵᠢᠶ᠎ᠠ ᠠᠪᠢᠶ᠎ᠠ ᠪᠠᠷ ᠣᠷᠤᠰᠤᠮ᠎ᠠ ᠢᠷᠠᠭᠤ ᠶᠠᠷᠢᠵᠤ ᠴᠢᠳᠠᠬᠤ ᠪᠦᠭᠡᠳ᠂ ᠦᠪᠡᠷ ᠲᠡᠶ ᠪᠠᠨ ᠠᠳᠠᠯᠢᠬᠠᠨ ᠵᠤᠭᠰᠤᠭ᠎ᠠ ᠪᠣᠰᠤᠭ᠎ᠠ ᠭᠡᠯᠡ ᠪᠠᠨ ᠮᠦᠴᠢ ᠡᠷᠭᠡᠳᠡᠨ ᠵᠡᠮᠳᠡᠭ᠌ (ᠢᠯᠡᠭᠦᠤ) ᠦᠭᠡᠶ ᠪᠢᠴᠢᠵᠤ ᠰᠤᠷᠬᠤ ᠭᠡᠭ᠍ᠴᠢ ᠭᠦᠮᠤᠨ ᠪᠦᠭᠦᠨ ᠤ ᠦᠨᠳᠦᠰᠦᠳᠠᠨ ᠤ ᠪᠠᠨ ᠳᠦᠯᠦᠭᠡ ᠭᠡᠭᠦ ᠨᠢᠭᠡᠳᠦᠭᠡᠷ ᠵᠢᠦᠡᠭᠦᠯ ᠭᠡᠯᠳᠡᠢ᠃ ᠬᠡᠦᠬᠡᠳ ᠲᠤ ᠡᠨᠡᠭᠦ ᠵᠢᠦᠡᠭᠦᠯ ᠢ ᠰᠤᠷᠭᠠᠬᠤ ᠨᠢ ᠪᠠᠭᠰᠢ ᠨᠡᠷ ᠪᠣᠯᠤᠨ᠎ᠠ᠃ ᠡᠨᠡ ᠡᠭᠦᠷᠭᠡ ᠬᠦᠩᠭᠡᠨ ᠪᠢᠰᠢ ᠶᠤᠮ᠃ ᠶᠠᠷᠢᠶᠠᠨ ᠦᠭᠡᠶ 《ᠪᠢᠴᠢᠭ᠌ ᠤᠨ ᠭᠡᠯᠡ》᠂ 《ᠶᠠᠷᠢᠶᠠᠨ ᠤ ᠭᠡᠯᠡ》 ᠳᠤ ᠬᠤᠯᠪᠣᠭᠳᠠᠬᠤ ᠠᠰᠠᠭᠤᠳᠠᠯ ᠯᠠ ᠠᠯᠢᠪᠠ ᠶᠢ ᠰᠢ᠌ᠳᠪᠦᠷᠢᠯᠡᠭᠦ ᠪᠢᠰᠢ᠃ ᠭᠡᠪᠠᠴᠤ᠂ ᠵᠢᠭᠠᠨ ᠰᠤᠷᠭᠠᠯᠳᠠ ᠳᠤ ᠲᠤᠬᠢᠶᠠᠯᠳᠤᠬᠤ ᠣᠯᠠᠨ ᠠᠰᠠᠭᠤᠳᠠᠯ ᠢ ᠦᠪᠡᠷ ᠤᠨ ᠭᠡᠯᠡᠨ ᠤ ᠪᠠᠨ ᠵᠢᠮ᠎ᠠ ᠶᠢ ᠠᠰᠢᠭᠯᠠᠨ ᠰᠢ᠌ᠳᠪᠦᠷᠢᠯᠡᠭᠦ ᠶᠢ ᠪᠣᠳᠠᠳᠤ ᠣᠴᠢᠷ ᠮᠠᠨ ᠳᠤ ᠳᠤᠯᠭᠠᠭᠠᠤᠨ ᠪᠠᠢ᠌ᠭ᠎ᠠ ᠶᠤᠮ᠃ ᠡᠢ᠌ᠮᠤ ᠡᠴᠠ ᠪᠠᠭᠰᠢ ᠨᠡᠷ ᠨᠢᠭᠡᠨᠲᠡ ᠪᠠᠢ᠌ᠭ᠎ᠠ ᠮᠡᠳᠡᠯᠭᠡ ᠪᠠᠨ ᠵᠡᠪᠰᠡᠭ᠌ ᠪᠣᠯᠭᠠᠨ ᠴᠢᠳᠠᠮᠠᠭᠠᠢ ᠠᠰᠢᠭᠯᠠᠵᠤ᠂ ᠰᠢᠨ᠎ᠠ ᠠᠰᠠᠭᠤᠳᠠᠯ ᠢ ᠰᠢ᠌ᠳᠪᠦᠷᠢᠯᠡᠭᠦ ᠴᠢᠳᠠᠪᠣᠷᠢ ᠪᠣᠯᠭᠠᠨ ᠣᠯᠠᠷᠢᠭᠤᠯᠵᠤ᠂ ᠬᠡᠦᠬᠡᠳ ᠤᠨ ᠮᠠᠳᠠᠭ ᠢ ᠰᠢᠡᠵᠢᠯᠡᠭᠦ ᠣᠬᠠᠭᠠᠨ ᠤ ᠦᠨᠳᠦᠰᠦᠯᠠᠯ ᠲᠡᠶ ᠯᠤᠭᠢᠭ ᠵᠢᠮ᠎ᠠ ᠲᠡᠶ ᠰᠢ᠌ᠤᠠᠪᠣᠷᠢᠯᠠᠨ᠂ 《ᠪᠠᠭᠰᠢ ᠪᠦᠭᠦᠨ ᠰᠤᠳᠤᠯᠤᠭᠴᠢ ᠪᠣᠯᠬᠤ》 ᠶᠢ ᠵᠢᠩᠭᠢᠨᠢ ᠣᠤᠠᠬ᠎ᠠ ᠡᠴᠠ ᠪᠠᠶᠡᠯᠡᠭᠦᠯᠭᠦ ᠭᠡᠷᠡᠭ᠍ᠳᠡᠢ ᠪᠠᠢ᠌ᠭ᠎ᠠ ᠶᠤᠮ᠃


ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤ ᠬᠠᠢ᠌ᠯᠠᠰᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠯᠳᠠᠤ (ᠯᠢᠩ ᡁᠢ ᠬᠤᠧᠨ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3734
ᠴᠠᠭ᠄ 2009 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ