ᠨᠡᠪᠲᠡᠷᠡᠨ ᠤᠷᠤᠬᠤ
ᠨᠤᠳᠤᠭ

ᠳᠡᠯᠡᠭᠡᠢ ᠳᠤ ᠮᠠᠠᠴᠤᠢ ᠪᠠᠢ᠌ᠵᠤ

ᠭᠦᠮᠤᠨ ᠠᠷᠠᠤᠨ ᠶᠢᠡᠨ ᠪᠦᠤᠪᠠᠢ᠌ᠯᠠᠨ ᠠᠮᠤᠷᠵᠢᠵᠤ

ᠳᠡᠯᠭᠡᠷ ᠪᠠᠶᠠᠨ ᠬᠤᠷᠸ᠎ᠠ ᠳᠤ ᠡᠵᠢ ᠪᠣᠯᠵᠤ

ᠭᠦᠤ ᠪᠠᠨ ᠬᠠᠢ᠌ᠷᠠᠯᠠᠨ ᠬᠠᠷᠠᠮᠨᠠᠵᠤ

ᠬᠠᠩᠭ᠋ᠠᠢ ᠶᠢᠨ ᠭᠦᠷᠦᠭᠡᠰᠤ ᠬᠤᠷᠭᠤᠳᠠᠳᠠᠯ᠎ᠠ

ᠬᠠᠢ᠌ᠷ᠎ᠠ ᠶᠢᠨ ᠭᠡᠭᠡᠨ ᠴᠡᠴᠡᠭᠡᠰ ᠳᠡᠯᠭᠡᠷᠡᠳᠡᠯ᠎ᠡ

ᠢᠨᠢᠶᠡᠮᠰᠦᠭᠯᠡᠵᠤ ᠮᠥᠩᠭᠡᠷᠡᠭ᠍ᠰᠡᠨ

ᠡᠩᠭᠡᠵᠢᠭᠦᠨ ᠳᠠᠢ᠌ᠪᠣᠩ ᠨᠤᠳᠤᠭ ᠮᠢᠨᠢ︕

ᠦᠨᠢ ᠡᠷᠳᠡᠨ ᠤ ᠠᠮᠢᠰᠬᠤᠭ᠎ᠠ

ᠳᠤᠯᠤᠭᠠᠤᠨ ᠴᠢᠯᠠᠭᠤᠳ ᠶᠢᠡᠷ ᠨᠢ ᠮᠥᠩᠭᠡᠵᠢᠭ᠍ᠰᠡᠨ

ᠳᠡᠦᠭᠡ ᠪᠣᠯᠤᠭ᠎ᠠ ᠦᠭᠡᠶ ᠭᠠᠵᠠᠷ ᠰᠢᠷᠤᠢ

ᠳᠤᠮᠤᠭ ᠬᠠᠭᠤᠴᠢ ᠪᠠᠷ ᠶᠢᠡᠨ ᠳᠠᠨᠢᠭᠳᠠᠵᠤ

ᠭᠤᠤᠯ ᠪᠣᠯᠠᠭ ᠶᠢᠡᠷ ᠶᠢᠡᠨ ᠠᠮᠢᠯᠠᠭᠰᠠᠨ

ᠠᠰᠬᠠᠷᠠᠭᠰᠠᠨ ᠪᠣᠷᠤᠭᠠᠨ ᠤ ᠴᠢᠮᠡᠭᠡᠨ ᠳᠤ ᠳᠤᠶᠠᠬᠠᠨ

ᠠᠯᠳᠠᠨ ᠨᠠᠷᠠᠨ ᠤ ᠨᠤᠳᠤᠭ ᠮᠢᠨᠢ︕

ᠬᠠᠳᠠᠭ ᠳᠡᠯᠭᠡᠵᠤ ᠵᠤᠯᠭᠤᠬᠤ ᠳ᠋ᠠᠭᠠᠨ

ᠰᠠᠢ᠌ᠨ ᠤ ᠠᠷᠢᠭᠤᠨ ᠢᠷᠦᠭᠡᠯ ᠲᠡᠶ ᠣᠶᠠᠬᠠᠨ

ᠬᠠᠨᠢᠯᠠᠵᠤ ᠠᠠᠳᠠ ᠪᠣᠯᠤᠯᠴᠠᠵᠤ ᠶᠠᠪᠣᠬᠤ ᠳ᠋ᠠᠭᠠᠨ

ᠰᠠᠢ᠌ᠨ ᠡᠷ᠎ᠡ ᠶᠢᠨ ᠠᠮᠠᠯᠠᠯ ᠲᠡᠶ ᠦᠨᠡᠨ

ᠰᠠᠨᠠᠭᠰᠠᠨ ᠰᠠᠨᠠᠭ᠎ᠠ

ᠰᠠᠳᠭᠢᠴᠢᠯᠠᠨ ᠪᠦᠳᠦᠭᠦ ᠶᠢ ᠵᠥᠩᠨᠡᠭ᠍ᠰᠡᠨ

ᠰᠠᠢ᠌ᠬᠠᠨ ᠪᠣᠭᠤᠷᠠᠯ ᠡᠪᠦᠭᠡᠳ ᠪᠠᠢ᠌ᠬᠤ ᠳᠠᠭᠠᠨ ᠳᠠᠢ᠌ᠪᠣᠭᠤᠨ

ᠡᠨᠡ ᠊᠊᠊᠊᠊᠊᠊᠊᠊᠊᠊᠊᠊᠊᠊

ᠪᠣᠳᠠᠷᠠᠵᠤ ᠨᠡᠢ᠌ᠯᠡᠭᠦ ᠬᠤᠷᠸ᠎ᠠ ᠳ᠋ᠤ

ᠪᠣᠷᠬᠠᠨ ᠡᠴᠠ ᠨᠠᠳᠠ ᠵᠠᠶᠠᠭᠠᠭᠰᠠᠨ

ᠳᠡᠭ᠍ᠷᠢᠯᠢᠭ᠌ ᠮᠤᠩᠭ᠋ᠤᠯ ᠨᠤᠳᠤᠭ ᠮᠢᠨᠢ ᠵᠧ︕


ᠦᠪᠡᠷ ᠶᠢᠡᠨ ᠪᠢᠳᠠ ᠨᠤᠳᠤᠭ ᠲᠡᠶ ᠪᠠᠨ

ᠥᠩᠭᠡ ᠶᠢᠨ ᠳᠠᠭᠢᠨᠢ ᠰᠤᠯᠤᠩᠭ᠎ᠠ ᠲᠡᠶ ᠪᠠᠨ

ᠡᠭᠡ ᠳᠡᠯᠡᠭᠡᠢ ᠶᠢᠨ ᠴᠢᠮᠡᠭ᠌ ᠪᠠᠢ᠌ᠶ᠎ᠠ᠂

ᠥᠮᠦᠭ᠌ ᠳᠦᠰᠢᠭ᠌ ᠳᠡᠭ᠍ᠷᠢ ᠵᠢᠨ

ᠦᠷᠭᠡᠨ ᠠᠤᠭ᠎ᠠ ᠭᠦᠴᠤᠨ ᠶᠢᠡᠷ

ᠡᠩᠭᠡ ᠣᠷᠤᠰᠢᠯ ᠤᠨ ᠰᠢᠳᠦᠭᠡᠨ ᠪᠠᠢ᠌ᠶ᠎ᠠ᠂


ᠮᠢᠨᠤ ᠪᠣᠶᠠᠠᠳᠤ ᠨᠤᠳᠤᠭ ᠮᠢᠨᠤ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2671
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ