ᠨᠡᠪᠲᠡᠷᠡᠨ ᠤᠷᠤᠬᠤ
ᠬᠠᠪᠢᠷᠭᠠᠨ ᠰᠠᠷᠠᠨ ᠤ ᠳᠤᠷᠠᠰᠤᠮᠵᠢ

ᠨᠢᠰᠤᠩᠬᠠᠢ ᠪᠠᠯᠴᠢᠷ ᠡᠷᠢᠨ ᠳᠤ ᠬᠠᠪᠢᠷᠠᠭᠠᠨ ᠰᠠᠷᠠ ᠶᠢᠨ ᠬᠤᠭᠤᠰᠤᠨ ᠭᠡᠰᠡᠭ᠌ ᠢ ᠮᠢᠨᠢ

ᠨᠢᠰᠳᠡᠭ᠌ ᠵᠠᠩᠵᠤᠨ ᠳᠡᠭ᠍ᠷᠢ ᠶᠢᠨ ᠮᠠᠠᠳᠠᠯ ᠡᠴᠠ ᠠᠮᠵᠢᠨ ᠳᠡᠭᠦᠷᠤᠨ ᠣᠯᠵᠠᠷᠬᠠᠴᠢᠬᠠᠯ᠎ᠠ

ᠣᠷᠠᠨ ᠮᠠᠭᠳᠠᠭᠠᠯ ᠶᠢᠡᠷ ᠰᠤᠷᠬᠤ ᠪᠠᠷ ᠶᠠᠪᠣᠬᠤ ᠳᠤ ᠬᠠᠪᠢᠷᠭᠠᠨ ᠰᠠᠷᠠ ᠶᠢᠨ ᠬᠤᠭᠤᠰᠤᠨ ᠭᠡᠰᠡᠭ᠌ ᠢ ᠮᠢᠨᠢ

ᠡᠵᠡᠷᠭᠡᠭ᠌ ᠳᠡᠷᠰᠯᠡᠭᠦᠴᠦᠳ ᠤᠨ ᠬᠤᠮᠤᠬᠠᠢ ᠰᠠᠨᠠᠭᠠᠨ ᠳᠤ ᠪᠦᠳᠡᠭᠢᠷᠡᠭᠡᠳ ᠳᠠᠯᠳᠠᠷᠴᠢᠬᠠᠯ᠎ᠠ


ᠮᠠᠭᠤ ᠮᠠᠭᠤᠬᠠᠢ ᠳᠤ ᠣᠠᠳᠤᠭᠤᠴᠠᠬᠤ ᠦᠶ᠎ᠡ ᠳᠤ ᠬᠠᠪᠢᠷᠭᠠᠨ ᠰᠠᠷᠠ ᠶᠢᠨ ᠬᠤᠭᠤᠰᠤᠨ ᠭᠡᠰᠡᠭ᠌ ᠮᠢᠨᠢ

ᠵᠡᠭᠦᠳᠤᠨ ᠤ ᠨᠢᠳᠤ ᠭᠦᠮᠦᠰᠭᠡ ᠰᠢᠭ᠌ ᠬᠤᠯᠠ ᠶᠢᠨ ᠳᠡᠭ᠍ᠷᠢ ᠳᠤ ᠵᠢᠷᠢ᠌ᠭᠡᠳ ᠭᠢᠯᠣᠢ᠌ᠨ ᠭᠢᠯᠠᠯᠵᠠᠴᠢᠬᠠᠯ᠎ᠠ


ᠣᠬᠠᠭᠠᠨ ᠤ ᠮᠢᠨᠢ ᠳᠤᠩᠭ᠋ᠠᠯᠠᠭ ᠵᠠᠢ ᠳᠤ ᠬᠤᠭᠤᠰᠤᠨ ᠵᠠᠢ ᠳᠤ ᠬᠠᠪᠢᠷᠭᠠᠨ ᠰᠠᠷᠠᠨ ᠤ ᠬᠤᠭᠤᠰᠤᠨ ᠭᠡᠰᠡᠭ᠌ ᠮᠢᠨᠢ

ᠣᠭ ᠤᠨ ᠯᠠᠭ ᠰᠢᠮᠨᠤ ᠶᠢᠨ ᠳᠤᠮᠤᠭ ᠨᠢ ᠬᠠᠢ᠌ᠯᠤᠭᠠᠤᠨ ᠮᠦᠰᠢᠶᠠᠯ ᠨᠢ ᠭᠡᠢ᠌ᠭᠡᠳ ᠳᠤᠨᠤᠷᠠᠴᠢᠬᠠᠯ᠎ᠠ


ᠭᠦᠭᠡ ᠳᠡᠭ᠍ᠷᠢ ᠶᠢᠨ ᠣᠯᠵᠤ ᠠᠯᠳᠠᠬᠤ ᠶᠢᠨ ᠳᠡᠩᠨᠡᠭᠦᠷ ᠮᠥᠩᠭᠡ ᠶᠢᠨ ᠡᠷᠳᠡᠨᠢ ᠶᠢᠨ ᠰᠠᠯᠠᠮᠠᠳᠤ ᠵᠠᠪᠢ

ᠵᠢᠭᠤᠯᠴᠢᠯᠠᠯ ᠳᠤ ᠪᠠᠨ ᠬᠠᠶᠠ ᠮᠠᠠᠳᠠᠯ ᠳᠤ ᠵᠠᠩᠳᠤᠭᠰᠠᠭᠠᠷ ᠰᠡᠳᠭᠢᠯ ᠨᠢ ᠣᠶᠠᠷᠠᠨ ᠴᠡᠭᠡᠨ ᠨᠠᠪᠴᠢᠯᠠᠵᠤ ᠰᠡᠷᠪᠠᠯᠴᠢᠭᠡᠯ᠎ᠡ ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2654
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ