☆ ᠭᠦᠭᠡᠪᠢᠷ
ᠭᠦᠮᠤᠨ᠂ ᠪᠠᠢ᠌ᠭᠠᠯᠢ
ᠨᠢᠭᠡ
ᠣᠳᠤᠨ ᠦᠣᠷ ᠶᠢᠡᠨ ᠪᠠᠷᠠᠵᠤ᠂ ᠨᠠᠷᠠᠨ ᠡᠳᠦᠷ ᠶᠢᠡᠨ ᠪᠠᠷᠠᠵᠤ᠂ ᠰᠠᠷᠠᠨ ᠰᠦᠨᠢ ᠪᠠᠨ ᠪᠠᠷᠠᠵᠤ ᠨᠢᠭᠡ ᠬᠤᠨᠤᠭ ᠳᠠᠭᠤᠰᠤᠨ᠎ᠠ᠃
ᠮᠠᠷᠭᠠᠰᠢ ᠶᠢ ᠶᠠᠭᠠᠷᠠᠭᠰᠠᠨ ᠬᠡᠦᠬᠡᠳ ᠨᠢᠭᠡ ᠬᠤᠨᠤᠭ ᠦᠰᠦᠨ᠎ᠡ᠂ ᠦᠨᠦ ᠶᠢ ᠶᠠᠭᠠᠷᠠᠭᠰᠠᠨ ᠵᠠᠯᠠᠭᠤ ᠨᠠᠰᠤ ᠨᠢᠭᠡ ᠬᠤᠨᠤᠭ ᠣᠬᠠᠭᠠᠵᠢᠨᠠ᠂ ᠥᠴᠦᠭᠡᠳᠦᠷ ᠶᠢᠡᠨ ᠶᠠᠭᠠᠷᠠᠭᠰᠠᠨ ᠨᠠᠰᠤᠳᠠᠤᠨ ᠨᠢᠭᠡ ᠬᠤᠨᠤᠭ ᠦᠳᠡᠯᠤᠨᠡ᠃
ᠠᠠᠳᠠᠭᠤᠷᠠᠭᠰᠠᠨ ᠵᠣᠢ᠌ᠯ ᠶᠢᠡᠨ ᠠᠭᠢᠭᠠᠤᠨ ᠰᠠᠨᠠᠵᠤ ᠪᠣᠯᠤᠨ᠎ᠠ᠂ ᠠᠯᠳᠠᠭᠰᠠᠨ ᠶᠠᠭᠤᠮ᠎ᠠ ᠪᠠᠨ ᠳᠠᠭᠢᠭᠠᠤᠨ ᠣᠯᠵᠤ ᠪᠣᠯᠤᠨ᠎ᠠ᠃ ᠡ᠊ᠨᠳᠡᠭᠦᠷᠡᠭ᠍ᠰᠡᠨ ᠵᠣᠢ᠌ᠯ ᠶᠢᠡᠨ ᠡᠷᠭᠢᠭᠡᠳ ᠰᠠᠨᠠᠵᠤ ᠪᠣᠯᠤᠨ᠎ᠠ᠂ ᠡᠪᠳᠡᠷᠡᠭ᠍ᠰᠡᠨ ᠶᠠᠭᠤᠮ᠎ᠠ ᠪᠠᠨ ᠡᠪᠯᠡᠭᠦᠯᠦᠭᠡᠳ ᠵᠠᠰᠠᠵᠤ ᠪᠣᠯᠤᠨ᠎ᠠ᠃ ᠥᠩᠭᠡᠷᠡᠭ᠍ᠰᠡᠨ ᠨᠢᠭᠡᠯᠡᠭᠡᠨ ᠬᠤᠨᠤᠭ ᠡᠴᠢᠭ᠍ᠰᠡᠨ ᠨᠢᠭᠡᠯᠡᠭᠡᠨ ᠮᠦᠴᠡ ᠶᠢ ᠴᠤ ᠡᠷᠭᠢᠭᠦᠯᠵᠤ ᠪᠣᠴᠠᠭᠠᠵᠤ ᠳᠡᠢ᠌ᠯᠭᠦ ᠦᠭᠡᠶ᠃
ᠭᠦᠮᠤᠨ ᠳᠤ ᠬᠠᠮᠤᠭ ᠤᠨ ᠭᠡᠷᠡᠭ᠍ᠳᠡᠢ᠂ ᠬᠠᠮᠤᠭ ᠤᠨ ᠴᠤᠬᠠᠭ᠂ ᠬᠠᠮᠤᠭ ᠤᠨ ᠨᠠᠠᠳᠢᠨ᠂ ᠬᠠᠮᠤᠭ ᠤᠨ ᠦᠨᠡᠳᠠᠢ ᠪᠠᠢ᠌ᠳᠠᠭ ᠨᠢ ᠵᠥᠪᠭᠡᠨ 《ᠡᠨᠡ ᠡᠳᠦᠷ》 ᠯᠠ ᠪᠣᠯᠬᠤ ᠶᠤᠮ ᠳ᠋ᠠ︕
ᠬᠤᠶᠠᠷ
(1)
ᠬᠠᠪᠣᠷ᠂ ᠬᠠᠯᠢᠶ᠎ᠠ ᠢᠷᠠᠵᠤ ᠭᠠᠯᠠᠭᠤ ᠢᠷᠠᠵᠤ ᠬᠠᠮᠢᠭ᠎ᠠ ᠨᠢᠭᠡ ᠭᠠᠵᠠᠷ ᠠᠭᠢ ᠨᠢᠳᠤᠯᠠᠵᠤ ᠡᠭᠡ ᠳᠡᠯᠡᠭᠡᠢ ᠡᠯᠢᠭᠡᠨ ᠳᠠᠯ᠎ᠠ ᠡᠴᠡ ᠪᠠᠨ ᠭᠦᠭᠡᠷᠡᠵᠤ ᠡᠭᠢᠯᠡᠨ᠎ᠡ᠃ ᠥᠩᠭᠡᠷᠡᠭ᠍ᠰᠡᠨ ᠨᠢᠭᠡᠯᠡᠭᠡᠨ ᠬᠤᠨᠤᠭ ᠢ ᠡᠷᠭᠢᠭᠦᠯᠵᠤ ᠪᠣᠴᠠᠭᠠᠵᠤ ᠳᠡᠢ᠌ᠯᠭᠦ ᠦᠭᠡᠶ᠂ ᠡ᠊ᠨᠳᠡᠭ᠍ᠰᠡᠨ ᠨᠢᠭᠡᠯᠡᠭᠡᠨ ᠣᠰᠤᠯ ᠢ ᠨᠥᠭᠦᠵᠤ ᠨᠠᠮᠠᠵᠤ ᠴᠢᠳᠠᠬᠤ ᠦᠭᠡᠶ᠃
ᠵᠤᠨ᠂ ᠡᠪᠠᠰᠤ ᠨᠤᠭᠤᠭ᠎ᠠ ᠭᠦᠭᠡᠷᠡᠵᠤ᠂ ᠴᠡᠴᠡᠭ᠌ ᠬᠤᠸᠠᠷ ᠳᠡᠯᠭᠡᠷᠡᠵᠤ᠂ ᠵᠢᠭᠦᠷᠳᠡᠨ ᠰᠢᠪᠠᠭᠤ ᠵᠢᠷᠭᠢᠵᠤ ᠠᠭᠤᠯᠠ ᠶᠢᠨ ᠣᠷᠤᠢ ᠶᠢ ᠡᠭᠦᠯᠡ ᠣᠷᠢᠶᠠᠵᠤ ᠣᠰᠤᠨ ᠤ ᠭᠦᠪᠠᠭᠡ ᠶᠢ ᠮᠠᠨᠠᠨ ᠭᠦᠰᠢᠭᠡᠯᠡᠵᠤ ᠠᠭᠠᠭᠢᠮ᠎ᠠ ᠬᠠᠯᠠᠭᠤᠨ ᠨᠠᠷᠠᠨ ᠤ ᠢᠯᠴᠢᠨ ᠳᠤ ᠠᠰᠠᠭᠷᠠᠭᠰᠠᠨ ᠬᠤᠷ᠎ᠠ ᠠᠯᠠᠭᠠᠨ ᠴᠢᠨᠡᠭᠡᠨ ᠰᠡᠭᠦᠳᠡᠷ ᠡᠷᠢᠭ᠍ᠳᠡᠨ᠎ᠡ᠃
ᠨᠠᠮᠤᠷ᠂ ᠡᠭᠦᠯᠡ ᠬᠤᠷᠳᠤᠬᠠᠨ ᠨᠡᠭᠦᠵᠤ ᠭᠠᠯᠠᠭᠤᠳ ᠠᠭᠠᠵᠢᠮᠬᠠᠨ ᠪᠣᠴᠠᠵᠤ ᠦᠣᠷ ᠤᠨ ᠰᠢᠭᠦᠳᠡᠷᠢ ᠳᠤ ᠰᠠᠷᠠᠨ ᠪᠠᠭᠡᠷᠡᠵᠤ ᠡᠪᠠᠰᠤᠨ ᠤ ᠥᠩᠭᠡ ᠠᠳᠠᠭᠠᠷᠬᠠᠬᠤ ᠶᠤᠮ ᠰᠢᠭ ᠪᠣᠭᠤᠷᠤᠯᠳᠤᠵᠤ ᠮᠤᠳᠤᠨ ᠤ ᠨᠠᠪᠴᠢᠰ ᠣᠷᠤᠯᠳᠤᠬᠤ ᠶᠤᠮ ᠰᠢᠭ ᠰᠢᠷᠠᠯᠠᠵᠤ ᠳᠤᠰᠤ ᠲᠡᠶ ᠰᠠᠯᠭᠢᠨ ᠳᠤ ᠳᠤᠭᠤᠰᠤᠷᠠᠭᠰᠠᠨ ᠡᠳᠦᠷ ᠤᠳ ᠳᠤᠷᠴᠤ ᠪᠦᠳᠦᠷᠢᠵᠤ ᠪᠠᠢ᠌ᠭ᠎ᠠ ᠶᠤᠮ ᠰᠢᠭ ᠥᠷᠭᠦᠯᠵᠢᠯᠡᠨ᠎ᠡ᠃
ᠡᠪᠦᠯ᠂ ᠠᠭᠤᠯᠠ ᠶᠢᠨ ᠳᠤᠯᠤᠭᠠᠢ ᠶᠢ ᠴᠠᠰᠤ ᠳᠠᠷᠤᠵᠤ᠂ ᠨᠠᠭᠤᠷ ᠤᠨ ᠣᠰᠤ ᠶᠢ ᠮᠦᠰᠤ ᠬᠠᠭᠠᠵᠤ᠂ ᠣᠷᠤᠢ ᠶᠢᠨ ᠨᠠᠷᠠᠨ ᠶᠠᠭᠠᠷᠠᠵᠤ ᠰᠢᠩᠭᠡᠨ᠂ ᠦᠣᠷ ᠤᠨ ᠳᠡᠭ᠍ᠷᠢ ᠳᠠᠭᠠᠷᠠᠵᠤ ᠭᠡᠢ᠌ᠨᠡ᠃
(2)
ᠳᠦᠷᠪᠠᠨ ᠣᠯᠠᠷᠢᠯ ᠶᠢᠡᠨ ᠳᠤᠭᠠᠯᠠᠵᠤ ᠳᠡᠯᠡᠭᠡᠢ ᠣᠯᠠᠷᠢᠵᠤ ᠬᠤᠪᠢᠷᠠᠵᠤ ᠣᠷᠴᠢᠨᠠ᠃ ᠳᠦᠷᠪᠡᠨ ᠣᠯᠠᠷᠢᠯ ᠢ ᠳᠠᠭᠠᠵᠤ ᠭᠦᠮᠤᠨ ᠣᠯᠵᠤ ᠠᠯᠳᠠᠵᠤ ᠥᠩᠭᠡᠷᠡᠨ᠎ᠡ᠃ ᠳᠡᠯᠡᠭᠡᠢ ᠲᠦᠮᠡᠨ ᠣᠨ ᠣᠷᠴᠢᠭᠰᠠᠨ ᠴᠤ ᠳᠦᠷᠪᠠᠭᠡᠨ ᠣᠯᠠᠷᠢᠯ ᠶᠢᠡᠨ ᠳᠠᠪᠳᠠᠨ᠎ᠠ᠂ ᠭᠦᠮᠤᠨ ᠵᠠᠭᠤᠨ ᠵᠢᠯ ᠠᠮᠢᠳᠤᠷᠠᠭᠰᠠᠨ ᠴᠤ ᠳᠦᠷᠪᠠᠭᠡᠨ ᠣᠯᠠᠷᠢᠯ ᠳᠤ ᠪᠠᠭᠳᠠᠨ ᠵᠠᠭᠢᠷᠤᠭᠳᠠᠨᠠ᠃
ᠬᠤᠷᠸ᠎ᠠ ᠶᠢᠨ ᠵᠢᠮ᠎ᠠ ᠭᠡᠭ᠍ᠴᠢ ᠡᠢ᠌ᠮᠤ ᠳᠦᠭᠦᠮᠭᠡᠨ᠂ ᠭᠦᠮᠤᠨ ᠤ ᠵᠦᠢ ᠴᠤ ᠡᠢ᠌ᠮᠤ ᠡᠩ ᠤᠨ ᠪᠠᠢ᠌ᠳᠠᠭ᠃ ᠭᠠᠭᠴᠠ ᠭᠦ ᠭᠦᠮᠤᠨ ᠦᠪᠡᠷ ᠢ ᠪᠠᠨ ᠦᠪᠡᠷ ᠶᠢᠡᠨ ᠪᠣᠳᠤᠯᠢᠶᠠᠠᠳᠤᠭᠤᠯᠵᠤ ᠪᠠᠢ᠌ᠳᠠᠭ ᠡᠴᠡ ᠨᠢᠭᠡ ᠨᠠᠰᠤ ᠪᠠᠨ ᠶᠡᠭᠡ ᠯᠠ ᠵᠥᠳᠡᠭᠡᠵᠤ ᠪᠠᠢ᠌ᠵᠤ ᠥᠩᠭᠡᠷᠡᠭᠦᠯᠳᠡᠭ᠌᠃ ᠶᠠᠭᠠᠭᠢᠵᠤ ᠪᠣᠳᠤᠯᠢᠶᠠᠠᠳᠤᠭᠤᠯᠵᠤ ᠡᠷᠢᠶᠡᠡᠳᠦᠭᠦᠯᠦᠯᠡ ᠭᠡᠳ ᠭᠦᠮᠤᠨ ᠨᠢ ᠭᠦᠮᠤᠨ ᠶᠢᠡᠨ ᠳᠦᠭᠡᠷᠢᠭᠦᠯᠵᠤ᠂ ᠬᠤᠵᠢᠮ ᠨᠢ ᠬᠤᠪᠢ ᠶᠢ ᠪᠠᠨ ᠴᠤ ᠬᠤᠪᠢ ᠪᠠᠷ ᠶᠢᠡᠨ ᠳᠦᠭᠡᠷᠢᠭᠦᠯᠵᠤ ᠮᠡᠷᠭᠡᠨ ᠰᠠᠴᠠᠨ ᠶᠢᠡᠨ ᠮᠦᠷᠣᠢ᠌ᠴᠠᠨ ᠡᠷ᠎ᠡ ᠪᠠᠭᠠᠳᠤᠷ ᠶᠢᠡᠨ ᠥᠷᠢᠰᠦᠯᠳᠦᠭ᠍ᠰᠡᠭᠡᠷ ᠡᠴᠦᠰ ᠤᠨ ᠡᠴᠦᠰ ᠲᠤ ᠪᠠᠨ ᠶᠡᠭᠡ ᠪᠠᠢ᠌ᠭᠠᠯᠢ ᠶᠢᠨ ᠢᠳᠠ ᠰᠢᠳᠢ ᠳᠤ ᠡᠪᠭᠡᠭ᠍ᠳᠡᠨ ᠨᠢᠭᠡ ᠯᠠ ᠭᠡᠯᠪᠠᠷᠢ ᠪᠠᠷ ᠡᠴᠦᠰᠯᠡᠳᠡᠭ᠌ ᠪᠣᠯᠠᠢ︕
(3)
ᠭᠦᠮᠤᠨ ᠵᠠᠰᠠᠯ᠎ᠠ ᠴᠤ ᠭᠤᠶᠤᠯ᠎ᠠ ᠴᠤ ᠭᠦᠮᠤᠨ ᠤ ᠬᠠᠮᠤᠭ ᠤᠨ ᠰᠠᠢ᠌ᠬᠠᠨ ᠭᠡᠯᠪᠠᠷᠢ ᠨᠢ ᠭᠦᠮᠤᠨ ᠤ ᠪᠠᠢ᠌ᠭᠠᠯᠢ ᠭᠡᠯᠪᠠᠷᠢ ᠪᠣᠯᠬᠤ ᠶᠤᠮ᠂ ᠭᠦᠮᠤᠨ ᠤ ᠦᠨᠳᠦᠰᠦᠨ ᠭᠡᠯᠪᠠᠷᠢ᠂ ᠭᠦᠮᠤᠨ ᠤ ᠮᠦᠨ ᠴᠢᠨᠠᠷ ᠨᠢ ᠳᠡᠷᠡᠭᠦ ᠵᠠᠰᠠᠵᠤ ᠭᠤᠶᠤᠭᠰᠠᠨ 《ᠪᠣᠭᠤᠳᠠᠯ》 ᠤᠨ ᠭᠢᠨᠢ ᠳᠤᠳᠤᠷ᠎ᠠ ᠨᠢ ᠪᠠᠢ᠌ᠳᠠᠭ᠃ ᠭᠦᠮᠤᠨ ᠭᠡᠴᠢᠨᠡᠭᠡᠨ ᠪᠠᠭᠠᠳᠤᠷ ᠪᠣᠯᠤᠯ᠎ᠠ ᠭᠡᠳ ᠭᠡᠳᠦᠭᠡᠨ ᠡᠳᠦᠷ ᠤᠨ ᠪᠠᠭᠠᠳᠤᠷ᠂ ᠭᠦᠮᠤᠨ ᠭᠡᠴᠢᠨᠡᠭᠡᠨ ᠠᠭᠤᠤ ᠶᠡᠭᠡ ᠪᠣᠯᠤᠯ᠎ᠠ ᠭᠡᠳ ᠭᠡᠳᠦᠭᠡᠨ ᠡᠳᠦᠷ ᠤᠨ ᠠᠭᠤᠤ ᠶᠡᠭᠡ ᠳᠠᠳᠤᠢ ᠶᠤᠮ᠃
ᠡᠢ᠌ᠮᠤ ᠡᠴᠡ ᠵᠢᠩᠭᠢᠨᠢ ᠭᠤᠸ᠎ᠠ ᠰᠠᠢ᠌ᠬᠠᠨ ᠪᠣᠯ ᠪᠠᠢ᠌ᠭᠠᠯᠢ ᠶᠢᠨ ᠭᠤᠸ᠎ᠠ ᠰᠠᠢ᠌ᠬᠠᠨ᠃ ᠵᠢᠩᠭᠢᠨᠢ ᠠᠭᠤᠤ ᠶᠡᠭᠡ ᠭᠦᠴᠤᠨ ᠪᠣᠯ ᠪᠠᠢ᠌ᠭᠠᠯᠢ ᠶᠢᠨ ᠭᠦᠴᠤᠨ ᠪᠠᠢ᠌ᠭ᠎ᠠ ᠶᠤᠮ᠃ ᠭᠦᠮᠤᠨ ᠪᠠᠢ᠌ᠭᠠᠯᠢ ᠶᠢᠨ ᠭᠤᠸ᠎ᠠ ᠰᠠᠢ᠌ᠬᠠᠨ ᠪᠣᠯᠤᠨ ᠪᠠᠢ᠌ᠭᠠᠯᠢ ᠶᠢᠨ ᠭᠠᠢ᠌ᠬᠠᠮᠰᠢᠭᠳᠤ ᠭᠦᠴᠤᠨ ᠢ ᠰᠠᠷᠠᠵᠤ ᠮᠠᠳᠠᠷᠠᠵᠤ ᠦᠪᠡᠷ ᠶᠢᠡᠨ ᠪᠠᠢ᠌ᠭᠠᠯᠢ ᠳᠤ ᠪᠣᠴᠠᠵᠤ ᠪᠠᠢ᠌ᠭᠠᠯᠢ ᠳᠤ ᠠᠭᠤᠰᠴᠤ ᠴᠢᠳᠠᠭᠰᠠᠨ ᠦᠶ᠎ᠡ ᠳᠤ ᠯᠠ ᠰᠠᠶᠢ ᠭᠦᠮᠤᠨ ᠤ ᠠᠮᠢᠳᠤᠷᠠᠯ ᠭᠡᠭ᠍ᠴᠢ ᠳᠠᠢ᠌ᠮᠤ ᠳᠦᠭᠦᠮᠭᠡᠨ᠂ ᠭᠡᠷᠡᠭ᠌ ᠪᠣᠳᠠᠰ ᠤᠨ ᠬᠤᠪᠢᠷᠠᠯᠳᠠ ᠭᠡᠭ᠍ᠴᠢ ᠳᠠᠢ᠌ᠮᠤ ᠡᠭᠡᠯ ᠵᠢᠷ ᠤᠨ ᠪᠣᠯᠬᠤ ᠶᠢ ᠣᠬᠠᠭᠠᠵᠤ᠂ ᠣᠯᠤᠭᠰᠠᠨ ᠳᠤ ᠪᠠᠨ ᠨᠢᠭᠡ ᠶᠡᠭᠡ ᠪᠠᠶᠠᠷᠯᠠᠬᠤ ᠦᠭᠡᠶ᠂ ᠠᠯᠳᠠᠭᠰᠠᠨ ᠳᠤ ᠪᠠᠨ ᠨᠢᠭᠡ ᠶᠡᠭᠡ ᠵᠤᠪᠨᠢᠬᠤ ᠦᠭᠡᠶ ᠪᠣᠯᠵᠤ᠂ ᠰᠡᠳᠭᠢᠯ ᠰᠠᠨᠠᠭ᠎ᠠ ᠣᠯᠠᠮ ᠰᠠᠷᠠᠭᠤᠯ ᠴᠢᠯᠦᠭᠡᠳᠡᠢ᠂ ᠣᠯᠠᠮ ᠠᠭᠤᠵᠢᠮ ᠪᠠᠭᠳᠠᠭᠠᠮᠵᠢᠳᠠᠢ᠂ ᠣᠯᠠᠮ ᠪᠠᠶᠠᠷ ᠪᠠᠶᠠᠰᠬᠤᠯᠠᠩ ᠲᠡᠶ ᠪᠣᠯᠵᠤ᠂ ᠠᠮᠢᠳᠤᠷᠠᠯ ᠳᠤ ᠣᠯᠠᠮ ᠬᠠᠢ᠌ᠷᠠᠳᠠᠢ᠂ ᠣᠯᠠᠮ ᠢᠳᠠᠪᠭᠢᠳᠢ᠂ ᠣᠯᠠᠮ ᠭᠦᠰᠡᠯ ᠡᠷᠡᠮᠡᠯᠵᠡᠯ ᠲᠡᠶ᠂ ᠪᠣᠯᠬᠤ ᠶᠤᠮ︕ ᠡᠢ᠌ᠮᠤ ᠭᠦᠮᠦᠰ ᠠᠶᠠᠠᠳᠠᠭᠠᠨ ᠦᠪᠡᠷ ᠤᠨ ᠪᠠᠢ᠌ᠭᠠᠯᠢᠯᠢᠭ ᠭᠡᠯᠪᠠᠷᠢ᠂ ᠦᠪᠡᠷ ᠪᠢ ᠪᠠᠨ ᠡᠷᠢᠭᠦ ᠪᠣᠯᠵᠤ 《ᠠᠮᠢᠳᠤᠷᠠᠯ》 ᠭᠡᠭᠦ ᠳᠠᠷᠠ ᠶᠡᠭᠡ ᠵᠥᠴᠦᠭᠡ ᠶᠢᠨ ᠳᠠᠢ᠌ᠵᠠᠨ ᠳᠤ ᠣᠯᠠᠮ ᠶᠢᠡᠷ ᠦᠪᠡᠷ ᠤᠨ ᠶᠢᠡᠨ ᠷᠦᠯᠧ ᠶᠢ ᠳᠤᠭᠯᠠᠵᠤ ᠪᠠᠢ᠌ᠳᠠᠭ ᠡᠴᠡ 《ᠠᠭᠤᠯᠠᠨ ᠤ ᠪᠣᠭᠤ ᠶᠢ ᠳᠠᠭᠤᠷᠢᠶᠠᠵᠤ ᠣᠩᠭ᠋ᠤᠴᠠᠨ ᠳᠡᠭᠡᠷ᠎ᠡ ᠡᠯᠵᠢᠭᠡ ᠭᠦᠯ ᠶᠢᠡᠨ ᠬᠤᠭᠤᠯᠬᠤ》 ᠪᠣᠶᠤ 《ᠭᠡᠷᠢᠶ᠎ᠡ ᠶᠢ ᠳᠠᠭᠤᠷᠢᠶᠠᠵᠤ ᠳᠠᠭᠢᠶ᠎ᠠ ᠣᠰᠤᠨ ᠳᠤ ᠣᠨᠠᠬᠤ》 ᠰᠢᠪᠰᠢᠭ᠍ᠳᠤ ᠳᠦᠷᠢ ᠶᠢ ᠳᠤᠭᠯᠠᠬᠤ ᠡᠴᠡ ᠵᠠᠢ᠌ᠯᠠᠵᠤ ᠴᠢᠳᠠᠳᠠᠭ ᠶᠤᠮ︕
(4)
ᠭᠤᠷᠤᠬ᠎ᠠ ᠶᠢᠨ ᠣᠰᠤᠨ ᠠᠢ᠌ᠵᠠᠮᠳᠠᠢ᠌ᠬᠠᠨ ᠭᠤᠷᠴᠢᠭᠢᠨᠠᠵᠤ ᠣᠢ ᠶᠢᠨ ᠰᠢᠪᠠᠭᠤᠳ ᠨᠠᠢ᠌ᠷᠯᠠᠬᠤ ᠶᠤᠮ ᠰᠢᠭ ᠱᠤᠯᠤᠭᠠᠨᠠᠵᠤ ᠬᠤᠷᠤᠬᠠᠢ ᠰᠢᠪᠠᠵᠢ ᠶᠠᠭᠠᠷᠠᠯᠳᠤᠨ ᠡᠪᠠᠰᠤ ᠨᠤᠭᠤᠭᠠᠨ ᠤ ᠠᠩᠭᠢᠯᠤᠮ᠎ᠠ ᠦᠨᠦᠷ ᠲᠤ ᠰᠤᠭᠳᠤᠭᠤᠷᠠᠨ ᠠᠭᠠᠤᠨ ᠠᠯᠤᠰ ᠤᠨ ᠠᠭᠤᠯᠠᠰ ᠤᠨ ᠰᠥᠮᠡᠢ᠌ᠭᠦ ᠪᠠᠷ᠎ᠠ ᠶᠢ ᠰᠢᠷᠳᠠᠨ ᠭᠦᠨ ᠴᠡᠩᠭᠡᠷ ᠳᠡᠭ᠍ᠷᠢ ᠶᠢᠨ ᠳᠠᠩᠨᠠᠢ ᠳᠤ ᠭᠦᠪᠦᠩ ᠴᠠᠭᠠᠨ ᠡᠭᠦᠯᠡ ᠨᠡᠭᠦᠭᠦ ᠶᠢ ᠪᠠᠬᠠᠷᠬᠠᠨ ᠬᠠᠷᠠᠭᠰᠠᠭᠠᠷ᠁ ᠡᠰᠡᠭᠦᠯ᠎ᠡ ᠵᠥᠭᠡᠯᠡᠨ ᠪᠣᠷᠤᠭᠠᠨ ᠠᠶᠠᠷᠬᠠᠨ ᠰᠠᠩᠰᠠᠷᠠᠵᠤ ᠴᠢᠭᠢᠭᠯᠢᠭ᠌ ᠦᠨᠦᠷ ᠠᠭᠤᠰᠭᠢ ᠵᠢᠷᠦᠭᠡᠨ ᠳᠤ ᠨᠠᠪᠴᠢᠨ ᠡᠪᠠᠰᠤ ᠮᠤᠳᠤ ᠰᠤᠷᠭᠤᠭ ᠶᠢᠡᠷ ᠨᠤᠭᠤᠭᠠᠷᠠᠵᠤ ᠴᠡᠴᠡᠭ᠌ ᠬᠤᠸᠠᠷ ᠵᠠᠳᠠᠷᠠᠨ ᠳᠡᠯᠭᠡᠷᠡᠭᠦ ᠨᠢ ᠬᠠᠷᠠᠭᠳᠠᠵᠤ ᠥᠵᠡᠭ᠍ᠳᠡᠵᠤ ᠪᠠᠢ᠌ᠮᠠᠷ ᠰᠠᠨᠠᠭᠳᠠᠬᠤ ᠳᠠᠯ᠎ᠠ ᠶᠢᠨ ᠭᠦᠨ ᠳᠤ ᠰᠠᠨᠠᠭᠠᠨ ᠤ ᠠᠶ᠎ᠠ ᠭᠦᠯ ᠤᠨ ᠳᠠᠭ᠎ᠠ ᠪᠠᠷ ᠠᠯᠬᠤᠯᠠᠭᠰᠠᠭᠠᠷ᠁ ᠡᠰᠡᠭᠦᠯ᠎ᠡ ᠭᠦᠪᠦᠩ ᠴᠠᠭᠠᠨ ᠴᠠᠰᠤ ᠦᠪᠴᠢ ᠳᠡᠯᠡᠭᠡᠢ ᠶᠢ ᠬᠤᠴᠢᠵᠤ ᠭᠦᠢᠳᠡᠨ ᠵᠢᠭᠡᠭᠦᠨ ᠵᠢᠪᠠᠷ ᠬᠠᠴᠠᠷ ᠨᠢᠭᠤᠷ ᠢ ᠬᠠᠭᠠᠷᠢᠨ ᠵᠢᠮᠴᠢᠭᠢᠨᠡᠭᠦᠯᠵᠤ ᠵᠥᠭᠡᠯᠡᠨ ᠴᠠᠰᠤ ᠶᠢ ᠵᠢᠵᠢᠭᠢᠨᠡᠭᠦᠯᠤᠨ ᠭᠢᠰᠭᠢᠵᠤ ᠭᠠᠵᠠᠷ ᠤᠨ ᠪᠠᠢ᠌ᠴᠠ ᠪᠠᠷ ᠵᠠᠮ ᠤᠨ ᠲᠦᠯᠦᠪ ᠶᠢᠡᠨ ᠪᠠᠷᠤᠭᠯᠠᠨ ᠳᠡᠭ᠍ᠷᠢ ᠭᠠᠵᠠᠷ ᠤᠨ ᠠᠭᠤᠯᠵᠠᠷ ᠡᠴᠡ ᠳᠦᠭᠦᠷᠢᠭ᠌ ᠣᠯᠠᠭᠠᠨ ᠨᠠᠷᠠᠨ ᠭᠡᠨᠡᠳᠲᠡ ᠪᠠᠷ ᠣᠷᠭᠤᠨ ᠮᠠᠠᠳᠤᠬᠤ ᠶᠢ ᠭᠦᠰᠡᠨ ᠥᠭᠡᠢ᠌ᠯᠡᠭ᠍ᠰᠡᠭᠡᠷ᠁ ᠪᠠᠢ᠌ᠬᠤ ᠳᠤ᠁
ᠶᠠᠭ ᠡᠨᠡ ᠭᠦ ᠭᠡᠮᠵᠢᠶ᠎ᠡ ᠭᠢᠵᠠᠭᠠᠷ ᠦᠭᠡᠶ᠂ ᠡᠭᠢᠯᠡᠯᠳᠡ ᠳᠡᠭᠦᠰᠭᠡᠯ ᠦᠭᠡᠶ ᠪᠠᠢ᠌ᠭᠠᠯᠢ ᠶᠢᠨ ᠭᠦᠨ ᠳᠤ ᠪᠢᠳᠠ ᠥᠴᠦᠭᠡᠨ ᠨᠢᠭᠡ ᠳᠤᠯᠪᠣ ᠳᠠᠳᠤᠢ ᠪᠠᠢ᠌ᠵᠤ᠂ ᠮᠠᠨ ᠤ ᠳᠠᠷᠠ ᠭᠦ ᠭᠡᠮᠵᠢᠶ᠎ᠡ ᠭᠢᠵᠠᠭᠠᠷ ᠦᠭᠡᠶ ᠰᠠᠢ᠌ᠨ ᠰᠠᠢ᠌ᠬᠠᠨ ᠡᠷᠡᠮᠡᠯᠵᠡᠯ ᠭᠦᠰᠡᠯ᠂ ᠡᠷᠢᠯ ᠭᠦᠭᠡᠭᠡᠴᠡᠯᠳᠦᠯ ᠪᠣᠶᠤ ᠳᠤᠷ᠎ᠠ ᠰᠢᠨᠤᠯ᠂ ᠮᠥᠷᠦᠭᠡᠳᠦᠯ ᠰᠠᠨᠠᠭᠠᠰᠢᠷᠠᠯ᠁ ᠵᠤᠷᠪᠣᠰ ᠭᠡᠷᠡᠯ ᠰᠢᠭ᠌ ᠬᠠᠷᠪᠤᠨ ᠣᠴᠢᠯᠠᠵᠤ᠂ ᠳᠠᠭᠢᠭᠠᠤᠨ ᠳᠡᠭᠦᠨ ᠤ ᠪᠠᠨ ᠳᠦᠯᠦᠭᠡ ᠭᠠᠯᠵᠠᠭᠤᠷᠠᠨ ᠨᠥᠷᠢᠭᠦ ᠠᠮᠢᠳᠤᠷᠠᠯ ᠤᠨ ᠳᠦᠷᠢᠯᠭᠡ ᠡᠭᠢᠯᠡᠵᠤ ᠪᠠᠢ᠌ᠳᠠᠭ ᠡ᠁
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠣᠩᠨᠢᠭᠤᠳ
ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6187
ᠴᠠᠭ᠄ 2010 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ