ᠨᠡᠪᠲᠡᠷᠡᠨ ᠤᠷᠤᠬᠤ
ᠭᠦᠪᠠᠭᠦᠨ ᠮᠢᠨᠢ ᠡᠵᠢ ᠳᠡᠭᠡᠨ ᠪᠠᠷ᠎ᠠ ᠪᠣᠯᠬᠤ ᠪᠠᠷ ᠶᠠᠪᠣᠯ᠎ᠠ

ᠭᠦᠯᠦᠭ᠌ ᠭᠦᠭ᠍ᠰᠢᠷᠡᠭᠦ ᠳᠤᠳᠤᠮ ᠢᠵᠢᠯᠢ ᠪᠠᠨ ᠰᠠᠨᠠᠳᠠᠭ ᠲᠡᠶ ᠠᠳᠠᠯᠢ

ᠭᠦᠮᠤᠨ ᠮᠡᠳᠡᠭᠡᠷᠭᠦ ᠳᠤᠳᠤᠮ ᠨᠤᠳᠤᠭ ᠶᠢᠡᠨ ᠰᠠᠨᠠᠳᠠᠭ ᠣᠴᠢᠷ ᠲᠡᠶ

ᠭᠦᠭᠡᠷᠦᠭᠦᠢ ᠡᠵᠢ ᠮᠢᠨᠢ ᠵᠤᠨ ᠤ ᠳᠡᠷᠢᠭᠦᠨ ᠣᠷᠤᠭᠰᠠᠭᠠᠷ

ᠭᠦᠳᠡᠭᠡ ᠨᠤᠳᠤᠭ ᠲᠠᠭᠠᠨ ᠬᠠᠷᠢᠭᠠᠤᠨ ᠭᠠᠭᠴᠠᠭᠠᠷ ᠶᠢᠡᠨ ᠰᠠᠭᠤᠳᠠᠭ᠃

ᠭᠦᠰᠡᠵᠤ ᠭᠦᠯᠢᠶᠡᠭ᠍ᠰᠡᠨ ᠡᠳᠦᠷ ᠬᠤᠨᠤᠭ ᠶᠢᠡᠨ ᠭᠦᠯᠢᠶᠡᠨ ᠪᠠᠢ᠌ᠵᠤ

ᠭᠦᠪᠠᠭᠦᠨ ᠮᠢᠨᠢ ᠴᠢᠯᠦᠭᠡ ᠳᠠᠯᠪᠢᠭᠰᠠᠭᠠᠷ ᠡᠵᠢ ᠵᠥᠭ᠌ ᠨᠢᠰᠴᠢᠭᠡᠳᠡᠭ᠌

ᠭᠦᠭ᠍ᠰᠢᠨ ᠨᠢᠯᠬ᠎ᠠ ᠬᠤᠶᠠᠷ ᠠᠭᠤᠯᠵᠠᠭᠠᠤᠨ ᠭᠦᠯ ᠮᠠᠶ‍ᠢᠭ ᠪᠣᠯᠳᠠᠭ

ᠭᠦᠭᠡᠷᠦᠭᠦᠢ ᠬᠤᠶᠠᠷ ᠶᠢᠡᠨ ᠬᠠᠷᠠᠭᠠᠤᠨ ᠪᠢ ᠪᠠᠶᠠᠷᠯᠠᠨ ᠳᠤᠭᠳᠤᠯᠳᠠᠭ᠃

ᠡᠵᠢ ᠮᠢᠨᠢ ᠪᠢ ᠳᠠᠮ ᠪᠣᠯᠵᠤ ᠣᠰᠤ ᠠᠪᠴᠢᠷᠠᠯ᠎ᠠ ᠭᠡᠵᠤ

ᠡᠷᠭᠡ ᠬᠠᠷ᠎ᠠ ᠭᠦᠪᠠᠭᠦᠨ ᠮᠢᠨᠢ ᠡᠳᠦᠷ ᠤᠨ ᠭᠤᠷᠪᠠ ᠣᠳᠠᠰᠤᠳᠠᠨ᠎ᠠ

ᠡᠵᠢ ᠮᠢᠨᠢ ᠴᠠᠭᠠᠨ᠎ᠠ ᠢᠨᠢᠶᠠᠨ ᠪᠠᠶᠠᠰᠴᠤ

ᠡᠷᠭᠡᠯᠡᠭᠦᠯᠵᠤ ᠠᠴᠢ ᠪᠠᠨ ᠳᠠᠪᠠᠷᠢᠨ ᠦᠨᠦᠰᠤᠨ᠎ᠠ

ᠭᠦᠮᠤᠨ ᠤ ᠠᠮᠢᠳᠤᠷᠠᠯ ᠤᠨ ᠠᠯᠳᠠᠨ ᠭᠤᠯᠤᠮᠳᠠ ᠳᠤ

ᠮᠥᠩᠭᠡ ᠶᠢᠨ ᠬᠤᠯᠪᠣᠭᠠᠰᠤ ᠪᠣᠯᠳᠠᠭ ᠦᠷ᠎ᠡ ᠮᠢᠨᠢ

ᠭᠦᠭ᠍ᠰᠢᠨ ᠨᠠᠰᠤᠳᠠᠢ᠌ᠴᠤᠳ ᠤᠨ ᠰᠡᠳᠭᠢᠯ ᠤᠨ ᠵᠠᠢ ᠳᠤ

ᠡᠩᠭᠡ ᠶᠢᠨ ᠪᠠᠶᠠᠰᠤᠯ ᠪᠣᠯᠳᠠᠭ ᠦᠷ᠎ᠡ ᠮᠢᠨᠢ

ᠡᠵᠢ ᠮᠢᠨᠢ ᠨᠤᠳᠤᠭ ᠲᠠᠭᠠᠨ ᠭᠠᠭᠴᠠᠭᠠᠷ ᠰᠠᠭᠤᠬᠤ ᠳᠤ

ᠡ᠊ᠨᠳᠡ ᠪᠠᠢ᠌ᠭ᠎ᠠ ᠦᠷ᠎ᠡ ᠰᠠᠳᠤᠨ ᠴᠢᠨᠢ ᠵᠤᠪᠠᠭᠠᠤᠨ ᠪᠠᠢ᠌ᠬᠤ ᠶᠤᠮ

ᠡᠭᠡᠯ ᠪᠣᠷᠤᠭᠵᠢᠭᠤᠨ ᠳᠠᠯ᠎ᠠ ᠶᠢᠨ ᠠᠮᠢᠳᠤᠷᠠᠯ ᠳᠠᠭᠠᠨ ᠪᠦᠪᠠᠢ᠌ᠯᠡᠭ᠍ᠳᠡᠨ

ᠡᠷᠭᠢᠵᠤ ᠪᠦᠮᠪᠦᠷᠴᠡᠭ᠌ ᠡᠷᠭᠢᠵᠤ ᠡᠵᠢ ᠳᠠᠠᠳᠠ ᠪᠠᠨ ᠳᠠᠢ᠌ᠪᠣᠩ ᠰᠠᠭᠤᠳᠠᠭ ᠶᠤᠮ

ᠨᠤᠳᠤᠭ ᠲᠠᠭᠠᠨ ᠡᠵᠢ ᠮᠢᠨᠢ ᠶᠠᠭᠤ ᠪᠠᠷ ᠴᠤ ᠳᠤᠳᠠᠬᠤ ᠦᠭᠡᠶ ᠴᠤ

ᠵᠤᠭᠤᠭ ᠳᠡᠯᠭᠡᠵᠤ ᠰᠡᠳᠭᠢᠯ ᠢ ᠨᠢ ᠪᠠᠶᠠᠰᠬᠠᠳᠠᠭ ᠬᠠᠢ᠌ᠷ᠎ᠠ ᠪᠠᠷ ᠳᠤᠳᠠᠳᠠᠭ ᠪᠠᠢ᠌ᠵᠠᠢ

ᠦᠷᠯᠦᠭᠡ ᠰᠠᠴᠤᠯᠢ ᠪᠠᠨ ᠡᠷᠭᠦᠵᠤ᠂ ᠦᠳᠡᠰᠢ ᠣᠠᠳᠠᠬᠤ ᠦᠶ᠎ᠡ ᠳᠡᠭᠡᠨ

ᠦᠷ᠎ᠡ ᠰᠠᠳᠤ ᠪᠠᠨ ᠰᠠᠨᠠᠵᠤ ᠡᠯᠢᠭᠡ ᠵᠢᠷᠦᠭᠡ ᠨᠢ ᠣᠶᠠᠷᠠᠳᠠᠭ ᠪᠠᠢ᠌ᠵᠠᠢ

ᠡᠵᠢ ᠪᠠᠨ ᠪᠠᠶᠠᠰᠬᠠᠵᠤ ᠡᠯᠢᠭᠡ ᠵᠢᠷᠦᠭᠡ ᠶᠢ ᠨᠢ ᠪᠦᠯᠢᠶᠡᠰᠭᠡᠭᠦ ᠶᠢᠨ ᠲᠦᠯᠦᠭᠡ

ᠦᠷ᠎ᠡ ᠪᠠᠨ ᠭᠦᠳᠡᠭᠡ ᠳ᠋ᠤᠨᠢ ᠶᠠᠪᠣᠭᠤᠯᠴᠢᠬ᠎ᠠ

ᠡᠭᠡ ᠭᠡᠯᠡᠨ ᠰᠢᠮ᠎ᠠ ᠰᠢᠭᠦᠰᠤᠨ ᠳᠤ ᠭᠦᠷᠳᠡᠵᠤ

ᠡᠷᠳᠡ ᠰᠢᠭ᠌ ᠣᠬᠠᠭᠠᠷᠠᠵᠤ ᠶᠠᠪᠣᠳᠤᠭᠠᠢ ︕

ᠭᠦᠳᠡᠭᠡ ᠳᠡᠭᠡᠨ ᠶᠠᠪᠣᠵᠤ ᠳᠠᠭᠠᠷᠠᠬᠤ ᠶᠢ ᠰᠤᠷᠳᠤᠭᠠᠢ

ᠭᠦᠭᠡ ᠨᠤᠭᠤᠭᠠᠨ ᠵᠥᠯᠭᠡᠨ ᠳᠡᠭᠡᠷ᠎ᠡ ᠳᠤᠭᠤᠯ ᠭᠦᠭᠡᠭᠡᠭᠦ ᠶᠢ ᠰᠤᠷᠳᠤᠭᠠᠢ

ᠭᠦᠪᠦᠩ ᠴᠠᠭᠠᠨ ᠡᠭᠦᠯᠡ ᠶᠢ ᠬᠠᠷᠠᠵᠤ ᠳᠦᠷᠰᠤᠯᠠᠨ ᠪᠣᠳᠤᠬᠤ ᠶᠢ ᠰᠤᠷᠳᠤᠭᠠᠢ

ᠭᠦᠮᠤᠨ ᠠᠷᠠᠤᠨ ᠤᠨ ᠡᠨᠡᠷᠢᠯ ᠬᠠᠢ᠌ᠷ᠎ᠠ ᠳᠤ ᠭᠦᠷᠳᠡᠵᠤ ᠮᠠᠠᠳᠤ ᠰᠤᠷᠠᠬᠤ ᠶᠢ ᠰᠤᠷᠳᠤᠭᠠᠢ

ᠮᠠᠰᠢᠨ ᠳᠡᠷᠭᠡ ᠪᠢᠰᠢ ᠮᠤᠷᠢ ᠣᠨᠤᠬᠤ ᠶᠢ ᠰᠤᠷᠳᠤᠭᠠᠢ

ᠮᠢᠬ᠎ᠠ ᠢᠳᠠᠵᠤ ᠴᠢᠮᠦᠭᠡ ᠴᠤᠭᠢᠬᠤ ᠶᠢ ᠰᠤᠷᠳᠤᠭᠠᠢ

ᠮᠠᠩᠨᠤᠭ ᠨᠤᠭᠤᠭᠠᠨ ᠳᠠᠯ᠎ᠠ ᠳᠠᠭᠠᠨ ᠬᠤᠷᠠᠭ᠎ᠠ ᠬᠠᠷᠢᠭᠤᠯᠬᠤ ᠶᠢ ᠰᠤᠷᠳᠤᠭᠠᠢ

ᠮᠠᠯᠴᠢᠨ ᠠᠪᠣ ᠡᠵᠢ ᠡᠴᠡ ᠵᠢᠩᠭ᠋ᠠᠷ ᠬᠠᠢ᠌ᠯᠠᠬᠤ ᠶᠢ ᠰᠤᠷᠳᠤᠭᠠᠢ

ᠲᠦᠯᠡᠭᠡ ᠣᠰᠤ ᠤᠢ᠌ᠷᠠᠳᠤᠭᠤᠯᠵᠤ ᠭᠦᠳᠡᠯᠮᠦᠷᠢ ᠭᠢᠭᠦ ᠶᠢ ᠰᠤᠷᠳᠤᠭᠠᠢ

ᠳᠦᠷᠤᠯ ᠰᠠᠳᠤᠨ ᠶᠢᠡᠨ ᠰᠠᠨᠠᠵᠤ ᠡᠯᠢᠭᠡ ᠪᠠᠨ ᠳᠠᠳᠠᠬᠤ ᠶᠢ ᠰᠤᠷᠳᠤᠭᠠᠢ

ᠳᠦᠷᠤᠯᠭᠢ ᠮᠤᠩᠭ᠋ᠤᠯ ᠭᠡᠯᠡ ᠪᠠᠷ ᠶᠢᠡᠨ ᠳᠠᠭᠤᠤ ᠳᠠᠭᠤᠯᠠᠬᠤ ᠶᠢ ᠰᠤᠷᠳᠤᠭᠠᠢ

ᠲᠦᠪ ᠶᠤᠰᠤᠨ ᠤ ᠲᠦᠯᠦᠭᠡ ᠭᠤᠤᠯᠴᠢ ᠪᠠᠢ᠌ᠬᠤ ᠶᠢ ᠰᠤᠷᠳᠤᠭᠠᠢ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠭᠦᠡᠳᠡᠢ ᠭᠡᠷ ᠴᠢᠨᠢ ᠡᠵᠡᠭᠦᠢᠷᠡᠭᠦ ᠴᠤ ᠶᠠᠭᠠᠭᠢᠬᠤᠪ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠠᠬ᠎ᠠ ᠶᠡᠭᠡ ᠪᠠᠨ ᠭᠦᠡᠳᠦᠯᠡᠭᠦ

ᠠᠷᠢᠭᠤᠨ ᠰᠠᠢ᠌ᠬᠠᠨ ᠮᠤᠷᠠᠯ ᠲᠡᠶ ᠪᠣᠯᠳᠤᠭᠠᠢ

ᠠᠪᠣ ᠡᠵᠢ ᠪᠠᠨ ᠰᠠᠨᠠᠬᠤ

ᠠᠩᠭ᠋ᠠᠢ ᠪᠠᠯᠴᠢᠷ ᠣᠬᠠᠭᠠᠨ ᠲᠡᠶ ᠪᠣᠯᠳᠤᠭᠠᠢ

ᠠᠳᠤᠭᠤ ᠮᠠᠯ ᠶᠢᠡᠨ ᠤᠢ᠌ᠷᠠᠳᠤᠭᠤᠯᠬᠤ

ᠠᠵᠢᠯᠰᠠᠭ ᠪᠣᠷᠤᠭᠵᠢᠭᠤᠨ ᠰᠡᠳᠭᠢᠯ ᠲᠡᠶ ᠪᠣᠯᠳᠤᠭᠠᠢ

ᠠᠢ᠌ᠷᠠᠭ ᠴᠡᠭᠡ ᠪᠠᠨ ᠣᠤᠭᠤᠬᠤ

ᠠᠷᠪᠢᠴᠢ ᠭᠠᠮᠨᠠᠴᠢ ᠣᠪᠣᠷ ᠲᠡᠶ ᠪᠣᠯᠳᠤᠭᠠᠢ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠭᠦᠰᠡᠳᠡᠭ᠌ ᠰᠠᠨᠠᠳᠠᠭ ᠪᠣᠯᠪᠠᠴᠤ ᠶᠠᠭᠠᠭᠢᠬᠤᠪ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠨᠠᠷᠠᠨ ᠳᠤ ᠰᠢᠷᠠᠭᠳᠠᠵᠤ ᠬᠠᠷᠠᠯᠠᠬᠤ ᠶᠢ ᠰᠤᠷᠳᠤᠭᠠᠢ

ᠨᠠᠪᠴᠢ ᠴᠡᠴᠡᠭ᠌ ᠢ ᠪᠠᠬᠠᠷᠬᠠᠨ ᠬᠠᠢ᠌ᠷᠠᠯᠠᠬᠤ ᠶᠢ ᠰᠤᠷᠳᠤᠭᠠᠢ

ᠨᠠᠯᠠᠭᠠᠷ ᠶᠡᠭᠡ ᠨᠤᠳᠤᠭ ᠨᠢᠷᠤᠭᠤᠨ ᠳᠡᠭᠠᠨ ᠡᠭᠡᠨᠡᠭ᠍ᠰᠢᠭᠦ ᠶᠢ ᠰᠤᠷᠳᠤᠭᠠᠢ

ᠨᠢ᠋ᠮᠠᠨ ᠳᠠᠷᠠᠮᠳᠤ ᠮᠤᠩᠭ᠋ᠤᠯ ᠭᠡᠷ ᠶᠢᠡᠨ ᠪᠠᠷᠢᠬᠤ ᠶᠢ ᠰᠤᠷᠳᠤᠭᠠᠢ

ᠨᠤᠬᠠᠢ ᠬᠤᠴᠠᠪᠠᠯ ᠭᠦᠮᠤᠨ ᠢᠷᠠᠯ᠎ᠠ ᠭᠡᠵᠤ ᠭᠠᠷᠬᠤ ᠶᠢ ᠰᠤᠷᠳᠤᠭᠠᠢ

ᠨᠤᠭᠳᠤ ᠳᠠᠰᠤᠷᠠᠪᠠᠯ ᠮᠤᠷᠢᠨ ᠭᠡᠭᠡᠳᠡᠷᠡᠨ᠎ᠡ ᠭᠡᠵᠤ ᠥᠳᠡᠭᠦ ᠶᠢ ᠰᠤᠷᠳᠤᠭᠠᠢ

ᠥᠭᠡᠷ ᠳᠤᠭᠤᠯᠯᠠᠪᠠᠯ ᠰᠢᠯᠢᠷᠠᠨ᠎ᠠ ᠭᠡᠳ ᠤᠢ᠌ᠷᠠᠳᠤᠭᠤᠯᠬᠤ ᠶᠢ ᠰᠤᠷᠳᠤᠭᠠᠢ

ᠥᠭᠡ ᠰᠦᠷᠢᠪᠠᠯ ᠭᠡᠷᠡᠯᠳᠦᠨ᠎ᠡ ᠭᠡᠵᠤ ᠡᠮᠢᠶᠡᠭᠦ ᠶᠢ ᠰᠤᠷᠳᠤᠭᠠᠢ

ᠨᠠᠷᠠᠨ ᠬᠤᠳᠠᠯᠠᠪᠠᠯ ᠪᠣᠷᠤᠭᠠᠯᠠᠨ᠎ᠠ ᠭᠡᠵᠤ

ᠨᠦᠮᠦᠷᠢ ᠪᠠᠯᠡᠳᠭᠦ ᠶᠢ ᠰᠤᠷᠳᠤᠭᠠᠢ

ᠰᠠᠷᠠᠨ ᠬᠤᠳᠠᠯᠠᠪᠠᠯ ᠰᠠᠭᠠᠯᠢ ᠭᠢᠨ᠎ᠠ ᠭᠡᠵᠤ

ᠰᠠᠪᠠ ᠪᠠᠨ ᠪᠠᠯᠡᠳᠭᠦ ᠶᠢ ᠰᠤᠷᠳᠤᠭᠠᠢ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠭᠡᠯᠡ ᠪᠠᠨ ᠪᠣᠤ ᠮᠠᠷᠳᠠᠳᠤᠭᠠᠢ ᠭᠡᠵᠤ

ᠭᠦᠪᠠᠭᠦᠨ ᠶᠢᠡᠨ ᠭᠦᠳᠡᠭᠡ ᠳ᠋ᠤᠨᠢ ᠶᠠᠪᠣᠭᠤᠯᠴᠢᠬ᠎ᠠ

ᠮᠠᠯᠴᠢᠨ ᠡᠵᠢ ᠠᠪᠣ ᠮᠠᠨᠢ ᠪᠢᠴᠢᠭ᠌ ᠳᠠᠨᠢᠳᠠᠭ ᠦᠭᠡᠶ ᠴᠤ

ᠮᠡᠷᠭᠡᠨ ᠣᠬᠠᠭᠠᠨ ᠲᠡᠶ ᠦᠨᠳᠦᠷ ᠰᠤᠶᠤᠯ ᠲᠡᠶ ᠭᠦᠮᠦᠰ ᠰᠢᠤ

ᠡᠩᠭᠦᠷᠡᠢ ᠦᠷ᠎ᠡ ᠳᠡᠭᠡᠨ ᠵᠢᠭᠠᠵᠤ ᠦᠭ‍ᠭᠦ

ᠡᠷᠳᠡᠮ ᠣᠬᠠᠭᠠᠨ ᠶᠢᠡᠷ ᠪᠠᠶᠠᠨ ᠭᠦᠮᠦᠰ ᠰᠢᠤ

ᠦᠷ᠎ᠡ ᠪᠠᠨ ᠭᠦᠳᠡᠭᠡ ᠳ᠋ᠤᠨᠢ ᠶᠠᠪᠣᠭᠤᠯᠴᠢᠬ᠎ᠠ

ᠥᠭᠡ ᠭᠡᠯᠡ ᠳᠤᠳᠤᠷᠠᠵᠤ ᠣᠯᠵᠠ ᠣᠮᠤᠭ ᠲᠡᠶ ᠬᠠᠷᠢᠵᠤ ᠢᠷᠠᠨ᠎ᠠ

ᠦᠷ᠎ᠡ ᠪᠠᠨ ᠭᠦᠳᠡᠭᠡ ᠳ᠋ᠤᠨᠢ ᠶᠠᠪᠣᠭᠤᠯᠴᠢᠬ᠎ᠠ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠪᠠᠶᠠᠠᠭᠤᠤᠯ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠮᠤᠩᠭ᠋ᠤᠯ ᠭᠡᠯᠡ ᠪᠠᠷ ᠺᠢᠨᠤ᠋ ᠳᠸᠯᠸᠢᠰ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠰᠠ᠊·ᠪᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2011 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ