ᠨᠡᠪᠲᠡᠷᠡᠨ ᠤᠷᠤᠬᠤ
ᠮᠤᠷᠢ ᠣᠭᠢᠯᠠᠬᠤ ᠶᠢᠨ ᠣᠴᠢᠷ

ᠢᠵᠢᠯᠢ ᠶᠢᠨ ᠶᠢᠡᠨ ᠴᠢᠰᠤ ᠶᠢ ᠬᠠᠷᠠᠬᠤ ᠳᠤ ᠪᠠᠨ ᠮᠤᠷᠢ ᠱᠠᠷᠭᠢᠷᠠᠨ ᠱᠤᠤᠭᠢᠨᠠᠳᠤᠵᠤ

ᠢᠵᠢᠯ ᠠᠯᠠᠭ ᠨᠢᠳᠤᠨ ᠡᠴᠠ ᠪᠠᠨ ᠪᠦᠭᠡᠮ ᠪᠦᠭᠡᠮ ᠳᠤᠷᠠᠰᠤᠯ ᠤᠨ ᠨᠢᠯᠪᠣᠰᠤ ᠣᠨᠠᠭᠠᠳᠠᠭ

ᠳᠠᠯ᠎ᠠ ᠶᠢᠨ ᠬᠠᠢ᠌ᠷ᠎ᠠ ᠳᠤ ᠬᠠᠮᠳᠤ ᠪᠠᠢ᠌ᠭᠰᠠᠨ ᠮᠤᠷᠢ ᠨᠢ ᠬᠠᠯᠢᠬᠤ ᠳᠤ ᠪᠦᠭ᠍ᠴᠢᠮᠡᠳᠡᠵᠤ

ᠳᠠᠨᠢᠯ ᠮᠤᠷᠢ ᠨᠢ ᠳᠠᠢ᠌ᠴᠠᠨ ᠳᠡᠪᠭᠡᠷᠤᠨ ᠠᠮᠢ ᠨᠠᠰᠤ ᠨᠢ ᠳᠦᠷᠠᠯᠵᠠᠨ ᠴᠤᠪᠬᠤᠷᠠᠨ᠎ᠠ ᠭᠡᠨ᠎ᠡ ᠯᠠᠢ


ᠳᠠᠯ᠎ᠠ ᠳᠤ ᠪᠠᠨ ᠥᠭᠦᠭ᠍ᠰᠡᠨ ᠮᠤᠷᠢ ᠪᠠᠨ ᠰᠡᠳᠭᠢᠯ ᠳᠤ ᠪᠠᠨ ᠪᠣᠩᠬᠤᠯᠠᠬᠤ ᠥᠭᠡᠢ

ᠳᠡᠭ᠍ᠷᠢ ᠶᠢᠨ ᠣᠮᠠᠷᠳᠠᠭ ᠭᠦᠷᠳᠡᠯ᠎ᠡ ᠨᠢ ᠮᠦᠷᠦᠭᠡᠳᠤᠨ ᠳᠡᠭᠦᠯᠢᠭᠦ ᠭᠡᠵᠤ ᠰᠢᠬᠠᠮᠳᠠᠨ

ᠳᠡᠰᠭᠡᠯ ᠠᠯᠳᠠᠨ ᠨᠠᠷᠠᠨ ᠤ ᠳᠤᠤᠷ᠎ᠠ ᠮᠤᠷᠢ ᠨᠠᠷ᠎ᠠ ᠪᠠᠨ ᠬᠠᠢ᠌ᠷᠠᠯᠠᠨ ᠳᠠᠪᠭᠢᠵᠤ

ᠳᠡᠷᠪᠠᠭᠡᠷ ᠰᠠᠷᠠᠨ ᠳᠤ ᠳᠠᠪᠠᠷᠢ ᠳᠤ ᠪᠠᠨ ᠭᠠᠵᠠᠷ ᠶᠢᠡᠨ ᠥᠮᠴᠢᠷᠭᠡᠨ ᠳᠤᠷᠠᠰᠤᠨ᠎ᠠ ᠭᠡᠨ᠎ᠡ ᠯᠠᠢ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2659
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ