ᠨᠡᠪᠲᠡᠷᠡᠨ ᠤᠷᠤᠬᠤ
ᠠᠪᠣ ᠶᠢᠨ ᠰᠡᠳᠭᠢᠯ

ᠠᠮᠢᠳᠤᠷᠠᠯ ᠤᠨ ᠳᠠᠪᠠᠭᠠᠨ ᠳᠤ ᠠᠪᠣ ᠮᠢᠨᠢ

ᠠᠯᠬᠤᠵᠤ ᠪᠦᠳᠦᠷᠢᠵᠤ ᠶᠠᠪᠤᠨ ᠳᠡᠮᠡᠴᠡᠭ᠍ᠰᠡᠭᠡᠷ᠂

ᠠᠷᠠᠭ᠎ᠠ ᠰᠢᠳᠤ ᠨᠢ ᠠᠯᠠᠭ᠎ᠠ ᠪᠣᠯᠪᠠ

ᠠᠷᠤ ᠨᠢᠷᠤᠭᠤ ᠨᠢ ᠮᠡᠭ᠍ᠵᠢᠭᠡᠷ ᠪᠣᠯᠪᠠ᠃

ᠳᠠᠪᠠᠭ᠎ᠠ ᠪᠠᠨ ᠭᠠᠷᠤᠭᠠᠤᠨ ᠠᠪᠣ ᠮᠢᠨᠢ

ᠳᠠᠯᠠᠨ ᠬᠠᠪᠣᠷ ᠲᠤ ᠵᠤᠴᠢᠨ ᠪᠣᠯᠪᠠ᠂

ᠳᠠᠪᠬᠤᠷᠯᠠᠨ ᠵᠤᠵᠠᠭᠠᠯᠠᠵᠤ ᠡᠮᠦᠰᠭᠦ ᠪᠣᠯᠪᠠᠴᠤ

ᠳᠠᠭᠠᠷᠠᠳᠠᠰᠤ ᠭᠦᠷᠴᠤ ᠵᠤᠪᠠᠬᠤ ᠪᠣᠯᠪᠠ᠃

ᠠᠯᠠᠭᠠᠳᠠᠵᠤ ᠰᠠᠨᠠᠭᠰᠠᠨ ᠥᠷ᠎ᠡ ᠵᠤᠯᠵᠠᠭ᠎ᠠ ᠨᠢ

ᠠᠪᠣ ᠶᠢᠨ ᠶᠢᠡᠨ ᠮᠦᠷ ᠶᠢᠡᠷ ᠶᠠᠪᠤᠨ ᠳᠡᠮᠡᠴᠡᠭ᠍ᠰᠡᠭᠡᠷ᠂

ᠠᠷᠠᠭ᠎ᠠ ᠰᠢᠳᠤ ᠨᠢ ᠪᠦᠷᠢᠨ ᠪᠣᠯᠪᠠ

ᠠᠷᠤ ᠨᠢᠷᠤᠭᠤ ᠨᠢ ᠭᠦᠴᠦᠳᠡᠢ ᠪᠣᠯᠪᠠ᠃

ᠳᠠᠪᠠᠭᠠᠨ ᠳᠡᠭᠡᠷ᠎ᠡ ᠭᠠᠷᠤᠭᠠᠤᠨ ᠬᠡᠦᠬᠡᠳ ᠨᠢ

ᠳᠠᠯᠠᠪᠴᠢ ᠪᠠᠨ ᠳᠡᠯᠭᠡᠨ ᠨᠢᠰᠭᠦ ᠪᠣᠯᠪᠠ᠂

ᠳᠠᠯᠠᠢ ᠶᠡᠭᠡ ᠥᠷᠢᠰᠦᠯᠳᠦᠭᠡᠨ ᠳ᠋ᠤ

ᠳᠠᠪᠠᠳᠠᠢ ᠵᠢᠷᠭᠠᠵᠤ ᠶᠠᠪᠣᠬᠤ ᠪᠣᠯᠪᠠ᠃

ᠬᠣᠢ᠌ᠮᠤᠷ ᠶᠢᠠᠨ ᠰᠠᠭᠢᠭᠰᠠᠨ ᠠᠪᠣ ᠮᠢᠨᠢ

ᠬᠤᠯᠵᠢᠬᠤ ᠨᠣᠢ᠌ᠷ ᠶᠢᠡᠨ ᠮᠠᠨᠠᠬᠤ ᠪᠣᠯᠪᠠ᠂

ᠬᠤᠯᠠ ᠶᠠᠪᠣᠭᠰᠠᠨ ᠥᠷ᠎ᠡ ᠪᠠᠨ ᠰᠠᠨᠠᠭᠠᠤᠨ

ᠬᠤᠪᠳᠤᠯ ᠵᠢᠷᠦᠭᠡ ᠨᠢ ᠡᠪᠠᠦᠡᠭᠦ ᠪᠣᠯᠪᠠ᠃

2009-4-24

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3514
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ