☆ ᠮ·ᠡᠷᠳᠡᠨᠢᠪᠠᠳᠤ
ᠴᠢᠩᠭᠢᠰ ᠬᠠᠭᠠᠨ ᠤ ᠳᠤᠷᠠᠳᠬᠠᠯ
ᠠᠷᠪᠠᠨ ᠭᠤᠷᠪᠠᠳᠤᠭᠠᠷ ᠵᠠᠭᠤᠨ ᠤ ᠨᠠᠷᠠ ᠪᠣᠯ ᠴᠢᠩᠭᠢᠰ
ᠠᠷᠪᠠᠨ ᠭᠤᠷᠪᠠᠳᠤᠭᠠᠷ ᠵᠠᠭᠤᠨ ᠤ ᠮᠤᠩᠭ᠋ᠤᠯ ᠪᠣᠯ ᠴᠢᠩᠭᠢᠰ
ᠠᠷᠪᠠᠨ ᠭᠤᠷᠪᠠᠳᠤᠭᠠᠷ ᠵᠠᠭᠤᠨ ᠤ ᠠᠷᠭ᠎ᠠ ᠪᠣᠳᠤᠯᠭ᠎ᠠ ᠪᠣᠯ ᠴᠢᠩᠭᠢᠰ
ᠠᠷᠪᠠᠨ ᠭᠤᠷᠪᠠᠳᠤᠭᠠᠷ ᠵᠠᠭᠤᠨ ᠤ ᠠᠪᠢᠶᠠᠰ ᠴᠢᠳᠠᠪᠣᠷᠢ ᠪᠣᠯ ᠴᠢᠩᠭᠢᠰ
ᠮᠤᠩᠭ᠋ᠤᠯ ᠮᠤᠷᠢ ᠭᠦᠷᠦᠭᠰᠡᠨ ᠭᠠᠵᠠᠷ ᠳᠤᠭ ᠶᠢᠡᠨ ᠴᠢᠩᠭᠢᠰ ᠬᠠᠳᠬᠤᠭᠰᠠᠨ
ᠮᠤᠩᠭ᠋ᠤᠯ ᠮᠤᠷᠢ ᠭᠦᠷᠦᠭ᠍ᠰᠡᠨ ᠭᠠᠵᠠᠷ ᠨᠠᠷᠠ ᠪᠠᠨ ᠴᠢᠩᠭᠢᠰ ᠪᠢᠴᠢᠭ᠍ᠰᠡᠨ
ᠮᠤᠩᠭ᠋ᠤᠯ ᠮᠤᠷᠢ ᠭᠦᠷᠦᠭ᠍ᠰᠡᠨ ᠭᠠᠵᠠᠷ ᠭᠠᠯ ᠶᠢᠡᠨ ᠴᠢᠩᠭᠢᠰ ᠳᠦᠷᠡᠯᠵᠡᠭᠦᠯᠦᠭ᠍ᠰᠡᠨ
ᠮᠤᠩᠭ᠋ᠤᠯ ᠮᠤᠷᠢ ᠭᠦᠷᠦᠭ᠍ᠰᠡᠨ ᠭᠠᠵᠠᠷ ᠳᠠᠢ᠌ᠰᠤᠨ ᠶᠢᠡᠨ ᠴᠢᠩᠭᠢᠰ ᠰᠥᠭᠦᠷᠡᠭᠦᠯᠦᠭ᠍ᠰᠡᠨ
ᠮᠢᠩᠭ᠋ᠠᠨ ᠣᠨ ᠤ ᠳᠡᠦᠭᠡᠨ ᠭᠦᠮᠦᠰ ᠲᠤ ᠴᠢᠩᠭᠢᠰ ᠪᠣᠯ ᠣᠠᠴᠠᠭᠠᠢ
ᠮᠢᠩᠭ᠋ᠠᠨ ᠣᠨ ᠤ ᠲᠦᠷᠦ ᠶᠢᠨ ᠨᠤᠶᠠᠷᠬᠠᠯ ᠳᠤ ᠴᠢᠩᠭᠢᠰ ᠪᠣᠯ ᠭᠡᠳᠦᠷᠭᠡᠢ
ᠮᠢᠩᠭ᠋ᠠᠨ ᠣᠨ ᠤ ᠴᠢᠷᠢᠩ ᠳᠠᠢ᠌ᠨ ᠳᠤ ᠴᠢᠩᠭᠢᠰ ᠪᠣᠯ ᠳᠠᠰᠤᠷᠬᠠᠢ
ᠮᠢᠩᠭ᠋ᠠᠨ ᠣᠨ ᠤ ᠭᠠᠵᠠᠷ ᠨᠤᠳᠤᠭ ᠲᠤ ᠴᠢᠩᠭᠢᠰ ᠪᠣᠯ ᠰᠤᠠᠳᠤᠭᠠᠢ
ᠠᠷᠪᠠᠨ ᠭᠤᠷᠪᠠᠳᠤᠭᠠᠷ ᠵᠠᠭᠤᠨ ᠤ ᠭᠡᠯᠡ ᠮᠤᠩᠭ᠋ᠤᠯ ᠪᠠᠢ᠌ᠭᠰᠠᠨ
ᠠᠷᠪᠠᠨ ᠭᠤᠷᠪᠠᠳᠤᠭᠠᠷ ᠵᠠᠭᠤᠨ ᠤ ᠭᠡᠢ᠌ᠮᠦᠷᠢ ᠮᠤᠩᠭ᠋ᠤᠯ ᠪᠠᠢ᠌ᠭᠰᠠᠨ
ᠠᠷᠪᠠᠨ ᠭᠤᠷᠪᠠᠳᠤᠭᠠᠷ ᠵᠠᠭᠤᠨ ᠤ ᠠᠶᠤᠩᠭ᠋᠎ᠠ ᠮᠤᠩᠭ᠋ᠤᠯ ᠪᠠᠢ᠌ᠭᠰᠠᠨ
ᠠᠷᠪᠠᠨ ᠭᠤᠷᠪᠠᠳᠤᠭᠠᠷ ᠵᠠᠭᠤᠨ ᠤ ᠳᠠᠮᠠᠠᠭᠠ ᠴᠤ ᠮᠤᠩᠭ᠋ᠤᠯ ᠪᠠᠢ᠌ᠭᠰᠠᠨ
ᠴᠢᠩᠭᠢᠰ ᠣᠳᠤᠮ ᠤᠨ ᠮᠤᠩᠭ᠋ᠤᠯᠴᠤᠳ ᠤᠨ ᠴᠢᠰᠤᠨ ᠡᠰ ᠣᠠᠳᠤᠤ
ᠴᠢᠩᠭᠢᠰ ᠣᠶᠠᠭᠠᠨ ᠤ ᠮᠤᠷᠢᠳ ᠤᠨ ᠭᠠᠩ ᠳᠤᠭᠤᠷᠠᠢ ᠣᠠᠳᠤᠤ
ᠴᠢᠩᠭᠢᠰ ᠤᠨ ᠪᠢᠯᠢᠭ᠌ ᠰᠤᠷᠭᠠᠯ ᠤᠨ ᠪᠣᠰᠤᠭ᠎ᠠ ᠥᠰᠦᠭ᠌ ᠣᠠᠳᠤᠤ
ᠴᠢᠩᠭᠢᠰ ᠨᠠᠷᠠᠮᠵᠢᠳᠤ ᠦᠨᠳᠦᠰᠦᠳᠤᠨ ᠤ ᠮᠥᠩᠭᠡ ᠶᠢᠨ ᠭᠠᠯ ᠣᠠᠳᠤᠤ
ᠶᠡᠭᠡ ᠴᠢᠩᠭᠢᠰ ᠤᠨ ᠨᠠᠷᠠ ᠶᠢᠷᠳᠢᠠᠴᠤ ᠳᠤ ᠭᠡᠵᠢᠶᠡᠳᠡ ᠪᠠᠯᠠᠷᠠᠬᠤ ᠥᠭᠡᠢ
ᠮᠥᠩᠭᠡ ᠳᠡᠭᠷᠢ ᠶᠢᠨ ᠭᠦᠴᠤᠨ ᠳᠤ ᠣᠭᠰᠠᠭ᠎ᠠ ᠨᠢ ᠦᠨᠢᠳᠠ ᠰᠥᠨᠦᠭᠦ ᠦᠭᠡᠶ
ᠶᠡᠭᠡ ᠰᠠᠯᠭᠢᠨ ᠰᠢᠭᠤᠷᠭᠠᠨ ᠳᠤ ᠳᠤᠭ ᠨᠢ ᠶᠠᠭᠠᠭᠢᠭᠰᠠᠨ ᠴᠤ ᠬᠤᠭᠤᠷᠠᠬᠤ ᠦᠭᠡᠶ
ᠮᠦᠷᠠᠨ ᠳᠠᠩᠭᠢᠰ ᠤᠨ ᠶᠤᠰᠤᠨ ᠳᠤ ᠭᠡᠷᠡᠯ ᠨᠢ ᠭᠡᠷᠭᠢᠭ᠍ᠰᠡᠨ ᠴᠤ ᠪᠦᠭᠦᠭᠦ ᠦᠭᠡᠶ ᠡ ⁈
ᠵᠤᠬᠢᠶᠠᠭᠴᠢ᠄ ᠮ·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3084
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ