ᠨᠡᠪᠲᠡᠷᠡᠨ ᠤᠷᠤᠬᠤ
ᠮᠥᠩᠭᠡ ᠶᠢᠨ ᠭᠡᠷᠢᠶᠡᠰᠤ

ᠮᠤᠷᠢ ᠪᠠᠨ ᠬᠤᠳᠠᠯᠳᠤᠵᠤ ᠪᠣᠯᠤᠨ᠎ᠠ

ᠮᠤᠩᠭ᠋ᠤᠯ ᠭᠡᠳᠡᠭ᠌ ᠨᠠᠷ᠎ᠠ ᠪᠠᠨ

ᠬᠤᠳᠠᠯᠳᠤᠵᠤ ᠪᠣᠯᠬᠤ ᠥᠭᠡᠢ

ᠮᠤᠩᠭ᠋ᠤᠯ ᠭᠡᠷ ᠲᠡᠭᠡᠨ ᠰᠠᠭᠤᠬᠤ ᠦᠭᠡᠶ ᠪᠠᠢ᠌ᠵᠤ ᠪᠣᠯᠤᠨ᠎ᠠ

ᠮᠥᠮᠥ ᠶᠢᠨ ᠰᠥ᠋ ᠳ᠋ᠡᠭᠡᠨ

ᠣᠰᠤᠯᠳᠠᠵᠤ ᠪᠣᠯᠬᠤ ᠥᠭᠡᠢ

ᠳᠠᠯ᠎ᠠ ᠨᠤᠳᠤᠭ ᠡᠴᠡ ᠪᠠᠨ ᠠᠶᠠᠷᠯᠠᠵᠤ ᠪᠣᠯᠤᠨ᠎ᠠ

ᠳᠡᠭ᠍ᠷᠢ ᠶᠢ ᠨᠢ ᠪᠢᠳᠡᠭᠡᠢ ᠮᠠᠷᠳᠠ

ᠳᠡᠷᠯᠢᠭ᠌ ᠶᠢᠡᠨ ᠡᠮᠦᠰᠭᠦ ᠦᠭᠡᠶ ᠪᠠᠢ᠌ᠵᠤ ᠪᠣᠯᠤᠨ᠎ᠠ

ᠳᠤᠪᠴᠢ ᠶᠢ ᠨᠢ ᠪᠢᠳᠡᠭᠡᠢ ᠳᠠᠰᠤᠯᠠ

ᠭᠠᠯ ᠳᠠᠭᠠᠨ ᠣᠰᠤ ᠪᠢᠳᠡᠭᠡᠢ ᠰᠠᠴᠤ

ᠭᠠᠯᠪᠠ ᠶᠡᠭᠦᠷᠡᠵᠤ ᠮᠠᠳᠠᠨ᠎ᠠ

ᠭᠤᠯᠤᠮᠳᠠ ᠶᠢᠨ ᠵᠢᠠᠨ

ᠴᠢᠯᠠᠭᠤ ᠶᠢ ᠪᠢᠳᠡᠭᠡᠢ ᠭᠦᠳᠡᠯᠭᠡ

ᠭᠠᠵᠠᠷ ᠭᠦᠳᠡᠯᠵᠤ ᠮᠠᠳᠠᠨ᠎ᠠ

ᠢᠨᠢᠶᠠᠪᠠᠴᠤ ᠮᠤᠩᠭ᠋ᠤᠯ ᠶᠢᠡᠷ ᠶᠢᠡᠨ ᠢᠨᠢᠶᠠ

ᠣᠭᠢᠯᠠᠪᠠᠴᠤ ᠮᠤᠩᠭ᠋ᠤᠯ ᠶᠢᠡᠷ ᠶᠢᠡᠨ ᠣᠭᠢᠯᠠ

ᠡᠨᠡ ᠨᠠᠰᠤᠨ ᠳᠠᠭᠠᠨ ᠬᠠᠮᠢᠭ᠎ᠠ ᠶᠠᠪᠣᠭᠰᠠᠨ ᠴᠤ

ᠡᠷᠭᠢᠵᠤ ᠳᠦᠷᠦᠭᠦ ᠳᠡᠭᠡᠨ ᠪᠠᠰᠠ ᠯᠠ

ᠮᠤᠩᠭ᠋ᠤᠯ ᠶᠢᠡᠷ ᠶᠢᠡᠨ ᠲᠦᠷᠦ

ᠵᠤᠬᠢᠶᠠᠭᠴᠢ᠄ ᠪᠣ·ᠪᠠᠳᠦᠮᠦ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2009 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ