☆ ᠪᠠᠶᠠᠭᠤᠳ ᠳᠡᠭᠦᠦᠵᠡᠶᠠᠭ᠎ᠠ
ᠮᠡᠳᠡᠭᠡ ᠠᠯᠳᠠᠯ᠎ᠠ
ᠠᠩᠬᠠᠳᠠᠭᠴᠢ ᠣᠳᠠᠭᠠᠨ ᠤ ᠣᠷᠠᠯᠢᠭ ᠤᠨ ᠨᠠᠢ᠌ᠷ ᠮᠢᠨᠢ
ᠠᠰᠤᠷᠤ ᠰᠠᠢ᠌ᠬᠠᠨ ᠶᠠᠪᠣᠭᠳᠠᠯ᠎ᠠ
ᠠᠠᠳᠠᠢ ᠪᠦᠵᠢᠭ᠌ ᠲᠤ ᠨᠢ ᠰᠤᠭᠳᠤᠭᠤᠷᠠᠭᠠᠤᠨ
ᠠᠯᠠᠭ᠎ᠠ ᠳᠠᠰᠢᠭᠠᠤᠨ ᠶᠠᠳᠠᠷᠠᠯ᠎ᠠ
ᠠᠪᠢᠶᠠᠰ ᠴᠢᠳᠠᠪᠣᠷᠢ ᠳᠤ ᠨᠢ ᠳᠠᠳᠠᠭᠳᠠᠭᠠᠤᠨ
ᠠᠯᠠᠭ ᠨᠢᠳᠤ ᠮᠢᠨᠢ ᠵᠤᠭᠰᠤᠯ᠎ᠠ᠃
ᠮᠤᠩᠭ᠋ᠤᠯ ᠤᠨ ᠬᠡᠦᠬᠡᠳ ᠳᠠᠭᠤᠴᠢ ᠪᠠᠢ᠌ᠨ᠎ᠠ
ᠳᠠᠭᠤᠨ ᠤ ᠭᠢᠨᠢ ᠬᠠᠩᠭᠢᠨᠠᠮ᠎ᠠ ᠭᠡᠰᠡᠨ
ᠮᠤᠩᠭ᠋ᠤᠯ ᠤᠨ ᠬᠡᠦᠬᠡᠳ ᠪᠦᠵᠢᠭ᠍ᠴᠢ ᠪᠠᠢ᠌ᠨ᠎ᠠ
ᠪᠦᠵᠢᠭ᠌ ᠤᠨ ᠭᠢᠨᠢ ᠭᠤᠶᠤᠬᠠᠨ ᠭᠡᠰᠡᠨ᠃
ᠣᠶᠠᠩᠭ᠋ᠠᠳᠤ ᠰᠠᠢ᠌ᠬᠠᠨ ᠳᠠᠭᠤᠨ ᠳᠤ ᠨᠢ
ᠣᠰᠬᠠᠯ ᠨᠢᠳᠤ ᠮᠢᠨᠢ ᠵᠠᠢ᠌ᠷᠳᠤᠵᠤ ᠵᠠᠪᠳᠤᠯ᠎ᠠ
ᠣᠶᠠᠷᠠᠭᠤᠨ ᠡᠪᠬᠡᠷᠡᠭᠦᠨ ᠠᠶᠠᠰ ᠲᠤ ᠨᠢ
ᠡᠵᠢ ᠠᠪᠣ ᠪᠠᠨ ᠰᠠᠨᠠᠵᠤ ᠵᠠᠪᠳᠤᠯ᠎ᠠ᠃
ᠰᠠᠪᠬᠠᠨ ᠪᠦᠵᠢᠭ᠌ ᠤᠨ ᠭᠢᠨᠢ ᠰᠠᠵᠢᠯᠠᠭᠠᠨ ᠳᠤ ᠨᠢ
ᠰᠠᠨᠠᠭ᠎ᠠ ᠰᠡᠳᠭᠢᠯ ᠭᠦᠭ᠍ᠰᠡᠵᠤ ᠵᠠᠪᠳᠤᠯ᠎ᠠ
ᠰᠠᠢ᠌ᠬᠠᠨ ᠮᠤᠩᠭ᠋ᠤᠯ ᠰᠤᠶᠤᠯ ᠳᠤ ᠪᠠᠨ
ᠰᠡᠳᠭᠢᠯ ᠵᠢᠷᠦᠭᠡ ᠮᠢᠨᠢ ᠰᠢᠮᠠᠳᠴᠤ ᠵᠠᠪᠳᠤᠯ᠎ᠠ᠃
ᠠᠵᠢᠨᠠᠢ ᠭᠦᠯᠦᠭ᠌ ᠤᠨ ᠭᠢᠨᠢ ᠳᠤᠪᠳᠤᠯᠤᠭᠠᠨ ᠳᠤ ᠨᠢ
ᠠᠭᠢᠳᠤ ᠳᠠᠯ᠎ᠠ ᠮᠢᠨᠢ ᠣᠪᠣᠯᠵᠠᠵᠤ ᠵᠠᠪᠳᠤᠯ᠎ᠠ
ᠠᠵᠢᠭᠯᠠᠵᠤ ᠰᠠᠭᠤᠭᠰᠠᠨ ᠮᠢᠨᠤ ᠪᠣᠳᠤᠯ
ᠠᠷᠪᠠᠨ ᠭᠤᠷᠪᠠᠳᠤᠭᠠᠷ ᠵᠠᠭᠤᠨ ᠳᠤ ᠭᠦᠷᠴᠤ ᠵᠠᠪᠳᠤᠯ᠎ᠠ᠃
ᠣᠳᠤ ᠦᠶ᠎ᠡ ᠶᠢᠨ ᠪᠦᠵᠢᠭ᠌ ᠢ ᠴᠤ
ᠣᠭᠤ ᠰᠠᠢ᠌ᠬᠠᠨ ᠳᠤᠭᠯᠠᠯ᠎ᠠ
ᠣᠭᠰᠢᠵᠤ ᠪᠣᠯᠭᠢᠭᠰᠠᠨ ᠠᠶᠠᠰ ᠲᠤ ᠨᠢ
ᠠᠭᠤᠰᠭᠢ ᠵᠢᠷᠦᠭᠡ ᠰᠤᠭᠤᠷᠠᠬᠤ ᠰᠢᠬᠠᠯ᠎ᠠ
ᠣᠯᠪᠣᠭ ᠰᠠᠠᠳᠠᠯᠢ ᠬᠤᠶᠠᠷ ᠲᠤ ᠪᠠᠨ
ᠳᠤᠭᠳᠠᠵᠤ ᠴᠢᠳᠠᠬᠤ ᠦᠭᠡᠶ ᠤᠢ᠌ᠴᠢᠬᠤ ᠰᠢᠬᠠᠯ᠎ᠠ
ᠳᠤᠬᠤ ᠳᠤᠯᠤᠭᠠᠢ ᠬᠤᠶᠠᠷ ᠮᠢᠨᠢ
ᠲᠦᠩᠭᠢᠨᠠᠵᠤ ᠳᠣᠢ᠌ᠷᠠᠵᠤ ᠬᠠᠭᠠᠷᠠᠬᠤ ᠰᠢᠬᠠᠯ᠎ᠠ
ᠳᠦᠷᠪᠠᠨ ᠳᠠᠪᠬᠤᠷ ᠠᠰᠠᠷ ᠴᠤ
ᠰᠠᠭᠤᠷᠢ ᠪᠠᠷ ᠶᠢᠡᠨ ᠪᠣᠯᠭᠤᠷᠠᠬᠤ ᠰᠢᠬᠠᠯ᠎ᠠ᠃
ᠢᠷᠠᠭᠤ ᠮᠤᠩᠭ᠋ᠤᠯ ᠭᠡᠯᠡ ᠪᠠᠷ ᠵᠢᠠᠨ
ᠳᠤᠭᠯᠠᠯᠳᠠ ᠮᠡᠳᠡᠭᠦᠯᠦᠭ᠍ᠰᠡᠨ ᠨᠢ ᠰᠠᠢ᠌ᠬᠠᠨ ᠭᠡᠰᠡᠨ
ᠢᠯᠭᠤᠮ ᠳᠤᠳᠤ ᠣᠶᠠᠩᠭ᠋ᠠᠯᠠᠭᠠᠤᠨ
ᠶᠠᠷᠢᠭᠠᠤᠨ ᠣᠷᠤᠬᠤ ᠨᠢ ᠡᠪᠳᠡᠢ ᠭᠡᠰᠡᠨ
ᠬᠤᠶᠠᠷ ᠭᠡᠯᠡ ᠶᠢ ᠴᠤ ᠬᠤᠤᠰᠯᠠᠭᠤᠯᠤᠭᠠ ᠥᠭᠡᠢ
ᠬᠤᠭᠤᠰᠤᠨ ᠭᠢᠳᠠᠤᠨ ᠶᠢᠡᠷ ᠮᠡᠳᠡᠭᠦᠯᠭᠦ ᠨᠢ ᠠᠷᠪᠢᠨ ᠭᠡᠰᠡᠨ
ᠬᠠᠷᠠᠵᠤ ᠰᠠᠭᠤᠭᠰᠠᠨ ᠮᠢᠨᠤ ᠵᠢᠷᠦᠭᠡ ᠶᠢᠨ ᠪᠠᠵᠠᠯᠠᠭᠰᠠᠨ ᠭᠡᠰᠡᠨ
ᠬᠠᠶᠠ ᠬᠠᠶᠠ ᠵᠤᠭᠰᠤᠭᠠᠤᠨ ᠠᠶᠤᠯᠭᠠᠭᠰᠠᠨ ᠭᠡᠰᠡᠨ᠃
ᠬᠠᠷᠢᠨ ᠭᠡᠮ᠂ ᠶᠠᠭᠠᠭᠢᠵᠤ ᠪᠠᠢ᠌ᠨ᠎ᠠ ᠭᠡᠵᠤ
ᠬᠠᠰᠭᠢᠷᠴᠤ ᠪᠣᠰᠬᠤ ᠶᠢ ᠵᠠᠪᠳᠤᠳᠠᠯ᠎ᠠ
《ᠭᠢᠳᠠᠤᠨ ᠲᠤ ᠪᠠᠨ ᠳᠦᠳᠠ ᠶᠤᠮ ᠴᠢᠨᠢ
ᠳᠡᠭᠦᠨ ᠶᠢᠡᠷ ᠨᠢ ᠭᠡᠯᠡᠭᠦᠯᠪᠠᠯ ᠠᠮᠠᠷᠬᠠᠨ》 ᠭᠡᠵᠤ
ᠬᠠᠵᠠᠭᠤ ᠳᠤ ᠰᠠᠭᠤᠭᠰᠠᠨ ᠨᠢᠭᠡ ᠪᠠᠭᠰᠢ ᠮᠢᠨᠢ
ᠬᠠᠠᠴᠤᠢ ᠡᠴᠠ ᠳᠠᠳᠠᠵᠤ ᠠᠮᠢ ᠣᠷᠤᠭᠤᠯᠤᠯ᠎ᠠ
ᠬᠠᠢ᠌ᠷᠠᠨ ᠪᠠᠢ᠌ᠨ᠎ᠠ᠂ ᠮᠤᠩᠭ᠋ᠤᠯ ᠤᠨ ᠦᠷᠠᠰ
ᠶᠠᠭᠠᠭᠢᠭᠠᠤᠨ ᠳᠠᠢ᠌ᠮᠤ ᠪᠣᠯᠤᠯ᠎ᠠ ᠭᠡᠳ
ᠬᠠᠰᠢᠯᠠ ᠪᠢ ᠳᠠᠰᠴᠤ ᠴᠢᠳᠠᠯ ᠥᠭᠡᠢ
ᠬᠠᠷᠠᠭ᠎ᠠ ᠪᠠᠯᠠᠷᠠᠭᠠᠤᠨ ᠮᠡᠳᠡᠭᠡ ᠠᠯᠳᠠᠯ᠎ᠠ᠃
ᠵᠤᠬᠢᠶᠠᠭᠴᠢ ᠶᠢᠨ ᠬᠠᠶᠢᠭ ᠄ ᠲᠦᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ