ᠨᠡᠪᠲᠡᠷᠡᠨ ᠤᠷᠤᠬᠤ
ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠪᠣᠯ ᠳᠠ ᠪᠢᠳᠠᠨ ᠤ ᠬᠠᠮᠳᠤ ᠶᠢᠨ ᠡᠭᠦᠷᠭᠡ ᠮᠦᠨ

ᠦᠷ᠎ᠡ ᠬᠣᠢ᠌ᠴᠢᠰ ᠶᠢᠡᠨ ᠡᠷᠡᠭᠦᠯ ᠰᠠᠷᠠᠭᠤᠯ ᠦᠰᠭᠡᠨ ᠣᠳᠤᠮ ᠣᠭᠰᠠᠭ᠎ᠠ ᠪᠠᠨ ᠵᠠᠯᠭᠠᠨ ᠪᠠᠳᠠᠷᠠᠭᠠᠵᠤ᠂ ᠣᠯᠤᠰ ᠦᠨᠳᠦᠰᠦᠳᠠᠨ ᠶᠢᠡᠨ ᠭᠦᠭ᠍ᠵᠢᠭᠦᠯᠭᠦ ᠪᠣᠯ ᠭᠦᠮᠤᠨ ᠪᠣᠯᠤᠭᠰᠠᠤᠨ ᠤᠨ ᠠᠷᠢᠭᠤᠨ ᠳᠠᠷᠬᠠᠨ ᠡᠭᠦᠷᠭᠡ ᠪᠣᠯᠬᠤ ᠶᠤᠮ᠃ ᠭᠦᠮᠤᠨ ᠤ ᠠᠮᠢᠳᠤᠷᠠᠯ ᠤᠨ ᠤᠳᠬ᠎ᠠ ᠠᠭᠤᠯᠭ᠎ᠠ ᠨᠢ ᠮᠦᠨ ᠴᠤ ᠡᠭᠦᠨ ᠳᠤ ᠪᠠᠨ ᠣᠷᠤᠰᠢᠨ᠎ᠠ᠃ ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠪᠣᠯ ᠳᠤᠮᠳᠠᠳᠤ ᠶᠢᠨ ᠣᠠᠴᠠᠯᠢᠭ ᠪᠦᠭᠦᠢ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠶᠡᠭᠡ ᠣᠢ᠌ᠯᠠᠰ ᠢ ᠡᠷᠭᠦᠨ ᠳᠤᠯᠵᠤ ᠪᠠᠢ᠌ᠭ᠎ᠠ ᠦᠨᠦᠳᠤᠷ ᠤᠨ ᠳᠠ ᠪᠢᠳᠠᠨ ᠤ ᠵᠠᠢ᠌ᠯᠠᠭᠤᠯᠵᠤ ᠪᠣᠯᠤᠰᠢ ᠦᠭᠡᠶ ᠳᠠᠷᠬᠠᠨ ᠡᠭᠦᠷᠭᠡ ᠪᠣᠯᠤᠨ᠎ᠠ᠃ ᠳᠠᠷᠠ ᠨᠢ ᠳᠤᠮᠳᠠᠳᠤ ᠶᠢᠨ ᠣᠠᠴᠠᠯᠢᠭ ᠪᠦᠭᠦᠢ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠣᠢ᠌ᠯᠠᠰ ᠤᠨ ᠵᠠᠯᠭᠠᠮᠵᠢᠯᠠᠭᠴᠢ ᠪᠣᠯᠬᠤ ᠬᠡᠦᠬᠡᠳ ᠪᠠᠭᠠᠴᠤᠳ ᠲᠤ ᠡᠳ᠋ ᠪᠣᠳᠠᠰ ᠤᠨ ᠳᠠᠯ᠎ᠠ ᠪᠠᠷ ᠬᠠᠯᠠᠮᠵᠢ ᠳᠤᠰᠠᠯᠠᠮᠵᠢ ᠥᠵᠡᠭᠦᠯᠤᠨ᠂ ᠡᠦᠶᠤᠨ ᠰᠠᠨᠠᠭᠠᠨ ᠤ ᠳᠠᠯ᠎ᠠ ᠪᠠᠷ ᠬᠠᠢ᠌ᠷ᠎ᠠ ᠭᠦᠷᠳᠡᠭᠡᠯ ᠣᠯᠭᠤᠵᠤ᠂ ᠳᠠᠳᠠᠨᠤᠰ ᠤᠨ ᠡᠷᠡᠭᠦᠯ ᠴᠢᠭᠢᠷᠠᠭ ᠪᠠᠶ᠎ᠠ ᠮᠠᠬᠠᠪᠣᠤᠨ ᠲᠡᠶ᠂ ᠰᠠᠷᠠᠭᠤᠯ ᠥᠭᠡᠳᠡᠷᠭᠡᠭ᠌ ᠰᠠᠨᠠᠭ᠎ᠠ ᠪᠣᠳᠤᠯ ᠲᠡᠶ᠂ ᠰᠠᠢ᠌ᠨ ᠰᠠᠢ᠌ᠬᠠᠨ ᠠᠮᠢᠳᠤᠷᠠᠬᠤᠢ ᠶᠢᠨ ᠦᠵᠡᠯᠳᠠ ᠪᠠ ᠵᠦᠪ ᠦᠷᠳᠡᠭ᠌ ᠤᠨ ᠦᠵᠡᠯᠳᠠ ᠲᠡᠶ ᠰᠢᠯᠢᠳᠡᠭ᠌ ᠭᠦᠮᠤᠨ ᠪᠣᠯᠵᠤ ᠦᠰᠤᠨ ᠪᠣᠢ᠌ᠵᠢᠬᠤ ᠶᠢ ᠠᠭᠢᠭᠤᠯᠬᠤ ᠶᠠᠪᠣᠳᠠᠯ ᠪᠣᠯᠤᠨ᠎ᠠ᠃ ᠬᠡᠦᠬᠡᠳ ᠪᠠᠭᠠᠴᠤᠳ ᠪᠣᠯ ᠡᠭᠡ ᠣᠯᠤᠰ ᠤᠨ ᠢᠷᠡᠭᠡᠳᠦᠢ ᠶᠢᠨ ᠶᠡᠭᠡ ᠣᠢ᠌ᠯᠠᠰ ᠢ ᠡᠷᠭᠦᠨ ᠳᠤᠯᠵᠤ ᠪᠣᠰᠬᠤ ᠪᠠᠭᠠᠨ᠎ᠠ ᠳᠤᠯᠭᠠᠭᠤᠷᠢ᠂ ᠦᠨᠳᠦᠰᠦᠳᠠᠨ ᠤ ᠰᠠᠷᠠᠭᠤᠯ ᠮᠠᠷᠭᠠᠰᠢ ᠶᠢ ᠭᠡᠢ᠌ᠭᠦᠯᠭᠦ ᠭᠡᠷᠡᠯ ᠤᠨ ᠰᠠᠴᠤᠷᠠᠭ ᠪᠣᠯᠤᠨ᠎ᠠ᠃ ᠳᠠᠢ᠌ᠮᠤ ᠪᠣᠯᠬᠤᠷ ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠡᠨᠡᠭᠦ ᠠᠵᠢᠯ ᠨᠢ ᠠᠯᠤᠰ ᠭᠡᠳᠤ ᠶᠢᠨ ᠪᠦᠭᠡᠳ ᠭᠦᠡᠳᠤ ᠴᠢᠬᠤᠯᠠ ᠠᠴᠢ ᠬᠤᠯᠪᠣᠭᠳᠠᠯ ᠲᠡᠶ᠃

ᠤᠢ᠌ᠷ᠎ᠡ ᠶᠢᠨ ᠵᠢᠯ ᠤᠳ ᠲᠤ ᠰᠠᠳᠭᠢᠴᠠ ᠶᠢᠨ ᠳᠠᠯ᠎ᠠ ᠪᠠᠷ ᠭᠦᠡᠳᠤ ᠨᠤᠴᠢᠳᠠᠢ ᠠᠰᠠᠭᠤᠳᠠᠯ ᠣᠷᠤᠰᠢᠵᠤ ᠪᠠᠢ᠌ᠭ᠎ᠠ ᠬᠡᠦᠬᠡᠳ ᠪᠠᠭᠠᠴᠤᠳ ᠬᠠᠷᠢᠴᠠᠩᠭ᠋ᠤᠢ ᠣᠯᠠᠰᠢᠷᠠᠬᠤ ᠶᠢᠨ ᠬᠠᠮᠳᠤ᠂ ᠨᠠᠰᠤᠨ ᠳᠤ ᠦᠯᠦ ᠭᠦᠷᠦᠭ᠍ᠰᠡᠳ ᠤᠨ ᠪᠠᠶ᠎ᠠ ᠪᠠᠨ ᠬᠤᠤᠷᠯᠠᠬᠤ ᠪᠣᠶᠤ ᠶᠠᠯ᠎ᠠ ᠭᠢᠭᠦ ᠥᠵᠡᠭ᠍ᠳᠡᠯ ᠵᠢᠯ ᠡᠴᠠ ᠵᠢᠯ ᠨᠡᠮᠡᠭ᠍ᠳᠡᠵᠤ ᠭᠦᠮᠤᠨ ᠢ ᠰᠤᠴᠢᠭᠠᠮ᠎ᠠ ᠪᠣᠯᠵᠤ ᠪᠤᠢ᠃ ᠡᠳᠡᠭᠡᠷ ᠥᠵᠡᠭ᠍ᠳᠡᠯ ᠤᠨ ᠣᠭ ᠦᠨᠳᠦᠰᠦ ᠶᠢ ᠨᠢ ᠣᠬᠤᠴᠢᠯᠠᠨ ᠰᠥᠪᠠᠭ᠍ᠴᠢᠯᠡᠪᠠᠯ ᠣᠯᠠᠩᠭᠢ ᠨᠢ ᠪᠦᠷ ᠭᠡᠷ ᠪᠦᠯᠢ ᠶᠢᠨ ᠬᠠᠢ᠌ᠷ᠎ᠠ ᠬᠠᠯᠠᠮᠵᠢ ᠪᠣᠶᠤ ᠨᠡᠢ᠌ᠭᠡᠮ ᠨᠠᠢ᠌ᠳᠠ ᠶᠢᠨ ᠬᠠᠢ᠌ᠷ᠎ᠠ ᠬᠠᠯᠠᠮᠵᠢ ᠳᠤᠳᠠᠭᠳᠠᠭᠰᠠᠨ ᠲᠡᠶ ᠰᠠᠯᠤᠰᠢ ᠦᠭᠡᠶ ᠬᠤᠯᠪᠣᠭ᠎ᠠ ᠲᠡᠶ ᠪᠠᠢ᠌ᠳᠠᠭ᠃ ᠡᠨᠡ ᠨᠢ ᠮᠠᠨ ᠤ ᠨᠠᠮ ᠳᠦᠷᠤ ᠶᠢᠨ ᠣᠳᠤᠷᠢᠳᠤᠯᠭ᠎ᠠ ᠪᠠ ᠨᠡᠢ᠌ᠭᠡᠮ ᠤᠨ ᠡᠯ᠎ᠡ ᠡᠳᠡᠭᠡᠳ ᠤᠨ ᠠᠩᠬᠠᠷᠤᠯ ᠢ ᠭᠦᠴᠦᠳᠡᠢ ᠳᠠᠳᠠᠵᠤ᠂ 《ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠠᠵᠢᠯ》 ᠊ᠢ ᠣᠳᠤᠭᠢ ᠨᠡᠢ᠌ᠭᠡᠮ ᠤᠨ ᠠᠯᠭᠤᠷᠯᠠᠭᠤᠯᠵᠤ ᠪᠣᠯᠤᠰᠢ ᠦᠭᠡᠶ ᠳᠤᠮᠤ ᠴᠢᠬᠤᠯᠠ ᠬᠠᠯᠠᠮᠰᠢᠯ ᠰᠠᠳᠤᠪ ᠤᠨ ᠨᠢᠭᠡ ᠪᠣᠯᠭᠠᠵᠠᠢ᠃ 1990 ᠣᠨ ᠤ 2 ᠰᠠᠷ᠎ᠠ ᠳᠤ ᠨᠠᠮ ᠤᠨ ᠲᠥᠪ ᠬᠤᠷᠢᠶ᠎ᠠ᠂ ᠳᠦᠷᠤ ᠶᠢᠨ ᠶᠠᠪᠣᠳᠠᠯ ᠤᠨ ᠬᠤᠷᠢᠶᠠᠨ ᠤ ᠵᠦᠪᠰᠢᠶᠠᠷᠠᠯ ᠶᠢᠡᠷ《ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠠᠵᠢᠯ ᠤᠨ ᠵᠦᠪᠯᠠᠯ》 ᠪᠠᠢ᠌ᠭᠤᠯᠤᠭᠳᠠᠵᠤ᠂ ᠳᠡᠭᠦᠨ ᠡᠴᠠ ᠡᠭᠢᠯᠡᠨ ᠬᠤᠯᠪᠣᠭᠳᠠᠯ ᠪᠦᠭᠦᠢ ᠰᠠᠯᠠᠭ᠎ᠠ ᠮᠦᠴᠢᠷ ᠭᠢᠭᠡᠳ ᠡᠯ᠎ᠡ ᠪᠠᠢ᠌ᠭᠤᠯᠭ᠎ᠠ ᠨᠢᠭᠡᠴᠢ ᠨᠢ ᠠᠵᠢᠯ ᠡᠴᠠ ᠪᠠᠨ ᠠᠮᠠᠷᠠᠭᠰᠠᠨ ᠠᠬᠠᠮᠠᠤᠨ ᠺᠠᠳ᠋ᠷ ᠪᠠ ᠣᠯᠠᠨ ᠲᠦᠮᠡᠨ ᠢ ᠳᠠᠢ᠌ᠴᠢᠯᠠᠨ ᠬᠣᠢ᠌ᠴᠢ ᠦᠶ᠎ᠡ ᠶᠢᠨ ᠭᠢᠨ ᠤ ᠦᠰᠤᠯᠳᠠ ᠪᠣᠢ᠌ᠵᠢᠯᠳᠠ ᠶᠢ ᠬᠠᠯᠠᠮᠵᠢᠯᠠᠨ ᠠᠩᠬᠠᠷᠴᠤ᠂ ᠰᠤᠷᠭᠠᠨ ᠭᠦᠮᠦᠵᠢᠭᠦᠯᠭᠦ ᠪᠠ ᠳᠤᠰᠠᠯᠠᠨ ᠳᠡᠮᠵᠢᠭᠦ ᠭᠦᠳᠡᠯᠭᠡᠭᠡᠨ ᠢ ᠦᠷᠨᠢᠭᠦᠯᠭᠦ ᠪᠠᠷ ᠭᠤᠤᠯᠳᠠᠯᠭ᠎ᠠ ᠪᠣᠯᠭᠠᠭᠰᠠᠨ 《ᠬᠠᠯᠠᠮᠵᠢᠯᠠᠬᠤ ᠠᠵᠢᠯ ᠤᠨ ᠵᠦᠪᠯᠠᠯ》 ᠊ᠢ ᠪᠠᠢ᠌ᠭᠤᠯᠵᠤ᠂ ᠣᠳᠤ ᠪᠣᠯᠬᠤ ᠳᠤ ᠲᠥᠪ ᠡᠴᠠ ᠣᠷᠤᠨ ᠨᠤᠳᠤᠭ᠂ ᠬᠤᠳᠠ ᠪᠠᠯᠭᠠᠰᠤᠨ ᠡᠴᠠ ᠭᠦᠳᠡᠭᠡ ᠳᠤᠰᠬᠤᠨ ᠭᠦᠷᠳᠡᠯ᠎ᠡ ᠡᠯ᠎ᠡ ᠱᠠᠳᠤᠨ ᠤ ᠠᠳᠠᠯᠢ ᠪᠣᠰᠤ ᠪᠠᠢ᠌ᠭᠤᠯᠭ᠎ᠠ᠂ ᠰᠠᠯᠠᠭ᠎ᠠ ᠮᠦᠴᠢᠷ ᠤᠨ ᠳᠤᠮᠳᠠ ᠪᠠᠢ᠌ᠭᠤᠯᠤᠭᠰᠠᠨ 《ᠬᠠᠯᠠᠮᠵᠢᠯᠠᠬᠤ ᠠᠵᠢᠯ ᠤᠨ ᠵᠦᠪᠯᠠᠯ》 ᠨᠢ ᠨᠠᠢ᠌ᠳᠠ 70 ᠭᠠᠷᠤᠢ ᠲᠦᠮᠡ ᠪᠤᠯᠵᠤ᠂ ᠡᠭᠦᠨ ᠳᠤ ᠣᠷᠤᠯᠴᠠᠵᠤ ᠪᠠᠢ᠌ᠭ᠎ᠠ ᠭᠦᠮᠤᠨ ᠤ ᠳᠤᠭ᠎ᠠ ᠨᠢ 900 ᠲᠦᠮᠡ ᠡᠴᠠ ᠬᠤᠯᠠ ᠳᠠᠪᠠᠵᠤ ᠪᠣᠢ᠃

ᠢᠯᠠᠩᠭ᠋ᠤᠶ᠎ᠠ ᠡᠨᠡ ᠭᠡᠳᠤᠨ ᠵᠢᠯ ᠳᠤ ᠠᠷᠠᠤᠨ ᠤᠨ ᠠᠮᠢᠳᠤᠷᠠᠯ ᠤᠨ ᠴᠢᠨᠡᠭᠡᠯᠢᠭ᠍ᠵᠢᠭᠦ ᠶᠢ ᠳᠠᠭᠠᠯᠳᠤᠨ᠂ ᠡᠯ᠎ᠡ ᠱᠠᠳᠤᠨ ᠤ ᠬᠠᠯᠠᠮᠵᠢᠯᠠᠬᠤ ᠠᠵᠢᠯ ᠤᠨ ᠵᠦᠪᠯᠠᠯ ᠪᠠ ᠠᠬᠠᠮᠠᠤᠨ ᠺᠠᠳ᠋ᠷᠴᠤᠳ ᠤᠨ ᠬᠠᠢ᠌ᠷ᠎ᠠ ᠪᠠᠨ ᠢᠪᠠᠭᠡᠭᠦ ᠰᠡᠳᠭᠢᠯ ᠭᠦᠳᠡᠯᠭᠡᠮ᠎ᠡ ᠦᠨᠡᠨ ᠪᠣᠳᠠᠳᠤ ᠣᠢ᠌ᠯᠠ ᠠᠵᠢᠯᠯᠠᠭᠠᠨ ᠤ ᠨᠥᠯᠦᠭᠡᠯᠡᠯ ᠳᠤᠤᠷ᠎ᠠ᠂ ᠵᠠᠯᠠᠭᠤ ᠢᠳᠠᠷᠴᠤᠤᠯ ᠨᠢ ᠴᠤ ᠦᠪᠡᠷ ᠤᠨ ᠰᠠᠢ᠌ᠨ ᠳᠤᠷ᠎ᠠ ᠡᠴᠠ ᠪᠠᠨ ᠬᠡᠦᠬᠡᠳ ᠪᠠᠭᠠᠴᠤᠳ ᠢ ᠬᠠᠯᠠᠮᠵᠢᠯᠠᠬᠤ ᠠᠵᠢᠯᠯᠠᠭ᠎ᠠ ᠳᠤ ᠬᠠᠯᠠᠭᠤᠨ ᠰᠡᠳᠭᠢᠯ ᠶᠢᠡᠷ ᠣᠷᠤᠯᠴᠠᠵᠤ᠂ ᠡᠳ᠋ ᠪᠣᠳᠠᠰ ᠤᠨ ᠪᠣᠶᠤ ᠣᠶᠤᠨ ᠤ ᠳᠠᠯ᠎ᠠ ᠪᠠᠷ ᠶᠠᠳᠠᠭᠤ ᠭᠦᠴᠢᠷᠳᠡᠢ ᠪᠠᠢ᠌ᠭ᠎ᠠ ᠭᠡᠷ ᠪᠦᠯᠢ ᠶᠢᠨ ᠬᠡᠦᠬᠡᠳ ᠲᠤ ᠬᠠᠢ᠌ᠷ᠎ᠠ ᠪᠠᠨ ᠢᠪᠠᠭᠡᠵᠤ᠂ ᠬᠠᠯᠠᠮᠵᠢ ᠳᠤᠰᠠᠯᠠᠮᠵᠢ ᠥᠵᠡᠭᠦᠯᠭᠦ ᠨᠢ ᠳᠤᠩ ᠪᠢᠰᠢᠷᠡᠭᠦᠰᠢᠳᠡᠢ ᠪᠠᠢ᠌ᠨ᠎ᠠ᠃ ᠡᠭᠦᠨ ᠤ ᠳᠤᠬᠠᠢ ᠬᠤᠯᠠᠭᠢ ᠶᠢ ᠳᠤᠷᠠᠳᠬᠤ ᠦᠭᠡᠶ ᠴᠤ ᠭᠡᠰᠡᠨ ᠮᠠᠨ ᠤ ᠨᠢᠳᠤᠨ ᠡᠮᠤᠨ᠎ᠡ ᠳᠤᠩ ᠣᠯᠠᠨ ᠵᠢᠱᠢᠶ᠎ᠠ ᠭᠠᠷᠴᠤ ᠪᠠᠢ᠌ᠨ᠎ᠠ᠃ ᠡᠳᠡᠭᠡᠷ ᠵᠢᠱᠢᠶ᠎ᠠ ᠡᠴᠠ ᠭᠡᠰᠡᠭ᠌ ᠪᠣᠰᠠᠭ ᠡᠷᠭᠢᠴᠡᠭᠦᠯᠭᠦ ᠳᠤ᠂ 2012 ᠣᠨ ᠳᠤ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠠᠯᠠᠭᠤᠳᠤ ᠪᠠᠯᠭᠠᠰᠤᠨ ᠳ᠋ᠠᠭᠢ ᠳᠤᠰᠬᠠᠢ ᠳᠤᠮᠢᠯᠠᠭᠰᠠᠨ ᠰᠠᠯᠪᠣᠷᠢ ᠶᠢᠨ ᠵᠠᠯᠠᠭᠤ ᠵᠠᠩ ᠫᠧᠩ ᠡᠴᠠ ᠮᠤᠩᠭ᠋ᠤᠯ ᠬᠡᠦᠬᠡᠳ ᠤᠨ ᠴᠡᠴᠡᠷᠯᠢᠭ᠌ ᠤᠨ ᠨᠢᠭᠡ ᠦᠨᠦᠴᠢᠨ ᠬᠡᠦᠬᠡᠳ ᠢ ᠶᠡᠭᠡ ᠰᠤᠷᠭᠠᠭᠤᠯᠢ ᠳᠡᠭᠦᠰᠳᠡᠯ᠎ᠡ ᠨᠢ ᠵᠢᠯ ᠪᠦᠷᠢ ᠭᠤᠷᠪᠠᠨ ᠮᠢᠩᠭ᠋ᠠᠨ ᠳᠦᠭᠦᠷᠢᠭ᠌ ᠶᠢᠡᠷ ᠲᠡᠳᠬᠦᠨ ᠳᠤᠰᠠᠯᠠᠬᠤ ᠬᠠᠯᠠᠮᠵᠢᠳᠤ ᠠᠵᠢᠯᠯᠠᠭ᠎ᠠ ᠪᠠᠨ ᠡᠭᠢᠯᠡᠭᠦᠯᠦᠭ᠍ᠰᠡᠨ᠃ ᠮᠦᠨ ᠳᠤᠰ ᠵᠢᠯ ᠤᠨ 《6.1》 ᠶ᠋ᠢᠨ ᠪᠠᠶᠠᠷ ᠶᠢᠡᠷ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠵᠠᠯᠠᠭᠤ ᠳᠤᠪᠴᠢᠶᠠᠨ ᠳᠠᠳ᠋ ᠳᠠᠷᠤᠭ᠎ᠠ ᠥᠡᠳᠦᠰᠤ᠂ ᠪᠦᠰᠡᠭᠦᠢ ᠤᠳᠦᠭᠦ᠋ᠤ ᠳᠠᠢᠪᠠᠨ ᠬᠠᠮᠳᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠡᠴᠠ ᠳᠠᠪᠣᠳᠤᠭᠠᠷ ᠣᠨ ᠤ ᠰᠤᠷᠤᠭᠴᠢᠳ ᠤᠨ ᠳᠤᠳᠤᠷ᠎ᠠ ᠡᠴᠠ ᠣᠨ ᠪᠦᠷᠢ ᠡᠴᠠ ᠨᠢᠭᠡ ᠶᠠᠳᠠᠭᠤ ᠭᠦᠴᠢᠷᠳᠡᠢ ᠭᠡᠷ ᠪᠦᠯᠢ ᠶᠢᠨ ᠰᠤᠷᠤᠭᠴᠢ ᠶᠢ ᠰᠤᠩᠭ᠋ᠤᠨ ᠠᠪᠴᠤ ᠵᠢᠯ ᠪᠦᠷᠢ ᠳᠤ ᠮᠢᠩᠭ᠋ᠠᠨ ᠳᠦᠭᠦᠷᠢᠭ᠌ ᠶᠢᠡᠷ ᠪᠠᠭ᠎ᠠ ᠰᠤᠷᠭᠠᠭᠤᠯᠢ ᠶᠢ ᠨᠢ ᠳᠡᠭᠦᠰᠳᠡᠯ᠎ᠡ ᠳᠡᠮᠵᠢᠭᠦ ᠪᠦᠭᠡᠳ ᠴᠢᠨᠠᠭᠰᠢᠯᠠᠨ ᠡᠳᠡᠭᠡᠷ ᠬᠡᠦᠬᠡᠳ ᠶᠢᠡᠨ ᠳᠤᠮᠳᠠᠳᠤ ᠰᠤᠷᠭᠠᠭᠤᠯᠢ᠂ ᠶᠡᠭᠡ ᠰᠤᠷᠭᠠᠭᠤᠯᠢ ᠳᠡᠭᠦᠰᠳᠡᠯ᠎ᠡ ᠨᠢ ᠬᠠᠯᠠᠮᠵᠢᠯᠠᠵᠤ ᠳᠡᠮᠵᠢᠭᠦ ᠪᠣᠶᠠᠠᠰᠠᠭ ᠠᠵᠢᠯᠯᠠᠭ᠎ᠠ ᠪᠠᠨ ᠡᠭᠢᠯᠡᠭᠦᠯᠦᠭ᠍ᠰᠡᠨ ᠪᠦᠭᠡᠳ 2013 ᠣᠨ ᠤ ᠴᠠᠭᠠᠨ ᠰᠠᠷ᠎ᠠ ᠶᠢ ᠣᠭᠳᠤᠬᠤ ᠳᠠᠰᠢᠷᠠᠮ ᠶᠢᠡᠷ ᠡᠨᠡᠭᠦ ᠳᠠᠪᠤᠨ ᠬᠡᠦᠬᠡᠳ ᠲᠤ ᠪᠠᠨ ᠭᠦᠮᠤᠨ ᠪᠦᠷᠢ ᠳᠤ ᠦᠪᠴᠢ ᠰᠢᠨ᠎ᠡ ᠬᠤᠪᠴᠠᠰᠤ ᠠᠪᠴᠤ ᠦᠭ‍ᠭᠦᠨ ᠭᠡᠷ ᠳᠤᠨᠢ ᠭᠦᠷᠭᠡᠵᠤ᠂ ᠬᠠᠯᠠᠭᠤᠨ ᠬᠠᠢ᠌ᠷ᠎ᠠ ᠪᠠᠷ ᠶᠢᠡᠨ ᠬᠡᠦᠬᠡᠳ ᠤᠨ ᠰᠡᠳᠭᠢᠯ ᠢ ᠳᠤᠯᠠᠭᠠᠴᠠᠭᠤᠯᠤᠭᠰᠠᠨ ᠪᠢᠯᠠ᠃ ᠡᠭᠦᠨ ᠡᠴᠠ ᠭᠠᠳᠠᠨ᠎ᠠ ᠵᠢᠯ ᠪᠦᠷᠢ ᠶᠢᠨ ᠵᠢᠷᠭᠤᠭᠠᠨ ᠰᠠᠷ᠎ᠠ ᠶᠢᠨ ᠨᠢᠭᠡᠨ ᠭᠦᠷᠴᠤ ᠢᠷᠡᠭᠦ ᠳᠠᠰᠢᠷᠠᠮ ᠳᠤ ᠡᠯ᠎ᠡ ᠪᠠᠭ᠎ᠠ ᠰᠤᠷᠭᠠᠭᠤᠯᠢ ᠨᠤᠭᠤᠳ ᠶᠢᠡᠷ ᠨᠢᠭᠡ ᠣᠳᠠᠭᠠᠨ ᠤ ᠭᠦᠮᠤᠨ ᠤ ᠰᠡᠳᠭᠢᠯ ᠢ ᠭᠦᠳᠡᠯᠭᠡᠮ᠎ᠡ ᠬᠠᠢ᠌ᠷ᠎ᠠ ᠢᠪᠠᠭᠡᠭᠦ ᠡᠡᠵᠢᠯᠯᠠᠭ᠎ᠠ ᠦᠷᠨᠢᠭᠦᠯᠳᠡᠭ᠌᠃ ᠡᠭᠦᠨ ᠳᠤ ᠨᠠᠰᠤᠨ ᠤ ᠠᠮᠠᠷᠠᠯᠳᠠ ᠪᠠᠨ ᠠᠪᠣᠭᠰᠠᠨ ᠴᠠᠩ ᠤᠳᠬᠤᠨ ᠪᠠᠭᠰᠢ᠂ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠳᠠᠳ᠋ ᠳᠠᠷᠤᠭ᠎ᠠ ᠦᠨᠳᠦᠰᠦ᠂ ᠣᠷᠳᠤᠰ ᠤᠨ ᠳᠠᠭᠤᠤ ᠪᠦᠵᠢᠭ᠌ ᠤᠨ ᠪᠦᠯᠭᠦᠮ ᠤᠨ ᠳᠠᠭᠤᠴᠢᠨ ᠳᠤᠷᠤᠨ᠎ᠠ᠂ ᠬᠤᠰᠢᠭᠤᠨ ᠤ ᠭᠠᠯ ᠰᠡᠷᠭᠡᠢ᠌ᠯᠡᠭᠦ ᠠᠩᠭᠢ ᠶᠢᠨ ᠮᠠᠩᠯᠠᠢ᠂ ᠳᠠᠩᠰᠠ ᠡᠪᠭᠡᠮᠡᠯ ᠤᠨ ᠳᠤᠪᠴᠢᠶᠠᠨ ᠤ ᠮᠦᠷᠠᠨ᠂ ᠳᠠᠯ᠎ᠠ ᠶᠢᠨ ᠤᠶᠠᠩ‍ᠭ᠎ᠠ ᠮᠤᠩᠭ᠋ᠤᠯ ᠡᠳ᠋ᠯᠡᠯ ᠭᠡᠷᠡᠭ᠍ᠰᠡᠯ ᠤᠨ ᠳᠡᠯᠭᠡᠭᠦᠷ ᠤᠨ ᠡᠵᠡᠨᠳᠡᠨ ᠳᠡᠭ᠍ᠵᠢᠷᠡᠭᠦᠤ᠂ ᠵᠡᠮ ᠬᠠᠷᠢᠯᠴᠠᠭᠠᠨ ᠤ ᠠᠮᠤᠷ ᠢ ᠬᠠᠮᠠᠭᠠᠯᠠᠬᠤ ᠶᠡᠭᠡ ᠠᠩᠭᠢ ᠶᠢᠨ ᠬᠤᠤᠰᠪᠠᠶᠠᠷ ᠁ ᠮᠠᠳᠤᠴᠢᠯᠠᠨ ᠶᠡᠭᠡ ᠣᠯᠠᠨ ᠭᠦᠮᠤᠨ ᠣᠷᠢᠳ ᠬᠤᠵᠢᠳ ᠡᠨᠡ ᠠᠵᠢᠯᠯᠠᠭ᠎ᠠ ᠳᠤ ᠣᠷᠤᠯᠴᠠᠵᠤ᠂ ᠨᠠᠯᠢᠶᠠᠤᠨ ᠳᠤᠭᠠᠨ ᠤ ᠶᠠᠳᠠᠭᠤ ᠭᠦᠴᠢᠷᠳᠡᠯᠳᠡᠢ ᠰᠤᠷᠤᠭᠴᠢᠳ ᠢ ᠵᠤᠭᠤᠰ ᠮᠦᠩᠭᠦ ᠪᠠᠷ ᠲᠡᠳᠬᠦᠨ ᠳᠤᠰᠠᠯᠠᠵᠤ ᠬᠠᠢ᠌ᠷ᠎ᠠ ᠬᠠᠯᠠᠮᠵᠢ ᠪᠠᠨ ᠭᠦᠷᠳᠡᠭᠡᠭ᠍ᠰᠡᠨ ᠶᠤᠮ᠃ ᠮᠦᠨ ᠬᠤᠰᠢᠭᠤ ᠡᠮᠡᠭ᠍ᠳᠡᠢ᠌ᠴᠦᠳ ᠤᠨ ᠬᠤᠯᠪᠤᠭ᠎ᠠ᠂ ᠡᠪᠯᠡᠯ ᠤᠨ ᠬᠤᠷᠢᠶ᠎ᠠ᠂ ᠭᠠᠯᠠᠭᠤᠳᠤ ᠪᠠᠯᠭᠠᠰᠤᠨ ᠤ ᠵᠠᠰᠠᠭ ᠤᠨ ᠣᠷᠳᠤᠨ᠂ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ᠂ ᠬᠤᠰᠢᠭᠤ ᠰᠤᠷᠭᠠᠨ ᠭᠦᠮᠦᠵᠢᠯ ᠤᠨ ᠳᠤᠪᠴᠢᠶ᠎ᠠ ᠵᠡᠷᠭᠡ ᠬᠠᠮᠢᠶ᠎ᠠ ᠪᠦᠭᠦᠢ ᠪᠠᠢ᠌ᠭᠤᠯᠭ᠎ᠠ ᠨᠢᠭᠡᠴᠢ᠂ ᠬᠤᠪᠢ ᠠᠵᠤ ᠠᠬᠤᠢ᠌ᠯᠠᠯ ᠪᠠ ᠬᠤᠪᠢ ᠡᠵᠡᠩᠨᠡᠯᠳᠡᠨ ᠨᠡᠷ ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠠᠵᠢᠯᠯᠠᠭ᠎ᠠ ᠳᠤ ᠢᠳᠠᠪᠭᠢᠳᠠᠢ ᠣᠷᠤᠯᠴᠠᠵᠤ ᠪᠠᠢ᠌ᠬᠤ ᠪᠠ ᠰᠤᠷᠭᠠᠨ ᠭᠦᠮᠦᠵᠢᠯ ᠤᠨ ᠰᠢᠰᠲ᠋ᠸᠮ ᠤᠨ ᠪᠦᠭᠦ ᠪᠠᠭᠰᠢ ᠠᠵᠢᠯᠳᠠᠨ ᠵᠢᠯ ᠪᠦᠷᠢ ᠳᠤ ᠨᠢᠭᠡ ᠣᠳᠠᠭᠠᠨ ᠤ ᠬᠠᠢ᠌ᠷ᠎ᠠ ᠢᠪᠠᠭᠡᠭᠦ ᠠᠵᠢᠯᠯᠠᠭ᠎ᠠ ᠳᠤ ᠣᠷᠤᠯᠴᠠᠵᠤ ᠪᠣᠢ᠃ ᠡᠨᠡ ᠨᠢ ᠪᠢᠳᠠᠨ ᠳᠤ ᠮᠠᠨ ᠤ ᠨᠡᠢ᠌ᠭᠡᠮ ᠨᠠᠢ᠌ᠳᠠ ᠳᠤ ᠬᠣᠢ᠌ᠴᠢ ᠦᠶ᠎ᠡ ᠶᠢᠨ ᠭᠢᠨ ᠤ ᠦᠰᠤᠨ ᠪᠣᠢ᠌ᠵᠢᠯᠳᠠ ᠶᠢ ᠬᠠᠯᠠᠮᠵᠢᠯᠠᠳᠠᠭ ᠬᠠᠢ᠌ᠷ᠎ᠠ ᠶᠢᠨ ᠰᠡᠳᠭᠢᠯ ᠲᠡᠶ ᠭᠦᠮᠤᠨ ᠡᠳᠦᠷ ᠡᠴᠠ ᠡᠳᠦᠷ ᠣᠯᠠᠰᠢᠷᠠᠵᠤ ᠪᠠᠢ᠌ᠭ᠎ᠠ ᠶᠢ ᠬᠠᠷᠠᠭᠤᠯᠵᠤ ᠪᠣᠢ᠃ ᠡᠨᠡ ᠬᠠᠢ᠌ᠷ᠎ᠠ ᠡᠴᠠ ᠰᠡᠳᠭᠢᠯ ᠤᠨ ᠬᠠᠯᠠᠭᠤᠨ ᠳᠤᠯᠠᠭᠠᠨ ᠢ ᠣᠯᠵᠤ ᠭᠦᠷᠳᠡᠭ᠍ᠰᠡᠨ ᠳᠡᠳᠡᠭᠡᠷ ᠬᠡᠦᠬᠡᠳ ᠤᠳ ᠯᠠᠪ ᠡᠷᠡᠭᠦᠯ ᠰᠠᠷᠠᠭᠤᠯ ᠦᠰᠤᠨ ᠪᠣᠢ᠌ᠵᠢᠬᠤ ᠶᠤᠮ᠃

ᠡᠨᠡ ᠮᠠᠳᠤᠴᠢᠯᠠᠨ ᠮᠠᠨ ᠤ ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠠᠵᠢᠯ ᠨᠢ ᠡᠳᠦᠷ ᠡᠴᠠ ᠡᠳᠦᠷ ᠦᠷᠭᠡᠵᠢᠨ ᠪᠣᠵᠠᠭᠠᠢ᠌ᠷᠠᠵᠤ᠂ ᠶᠠᠳᠠᠭᠤ ᠭᠦᠴᠢᠷᠳᠡᠢ ᠬᠡᠦᠬᠡᠳ ᠤᠨ ᠬᠠᠯᠠᠮᠵᠢᠯᠠᠭᠳᠠᠬᠤ ᠨᠥᠭᠦᠴᠡᠯ ᠲᠤᠬᠢᠶᠠᠯ ᠵᠢᠯ ᠡᠴᠠ ᠵᠢᠯ ᠨᠡᠮᠡᠭ᠍ᠳᠡᠵᠤ ᠪᠠᠢ᠌ᠭ᠎ᠠ ᠪᠣᠯᠪᠠᠴᠤ᠂ ᠦᠨᠦᠳᠤᠷ ᠤᠨ ᠮᠠᠨ ᠤ ᠴᠥᠭᠡᠨ ᠪᠣᠰᠤ ᠵᠠᠯᠠᠭᠤ ᠪᠠᠭᠠᠴᠤᠤᠯ ᠤᠨ ᠪᠠᠶ᠎ᠠ ᠳᠡᠭᠡᠷ᠎ᠡ ᠮᠦᠨ ᠯᠠ ᠢᠳᠡᠭᠡᠯ ᠭᠦᠰᠡᠯ ᠪᠠᠯᠠᠷᠬᠠᠢ᠂ ᠵᠤᠷᠢᠭ ᠰᠦᠯᠳᠡ ᠪᠠᠭᠤᠷᠠᠢ᠂ ᠥᠭᠡᠳᠡᠯᠡᠨ ᠳᠠᠪᠰᠢᠬᠤ ᠪᠣᠳᠤᠯ ᠪᠠ ᠬᠠᠷᠢᠭᠤᠴᠠᠯᠭᠠᠳᠤ ᠰᠡᠳᠭᠢᠯ ᠶᠢᠡᠷ ᠳᠤᠳᠠᠮᠠᠭ᠂ ᠰᠠᠳᠭᠢᠴᠠ ᠭᠡᠪᠠᠷᠡᠭ᠌᠂ ᠨᠤᠭᠤᠷᠠᠯ ᠪᠦᠳᠦᠷᠢᠯ ᠳᠤ ᠭᠦᠯᠢᠴᠡᠩᠭᠦᠢ ᠪᠣᠰᠤ᠂ ᠴᠢᠨᠠᠭᠰᠢᠯᠠᠪᠠᠯ ᠣᠢ᠌ᠯᠠ ᠠᠵᠢᠯᠯᠠᠭ᠎ᠠ ᠨᠢ ᠭᠡᠪ ᠶᠢᠡᠨ ᠠᠯᠳᠠᠬᠤ ᠵᠡᠷᠭᠡ ᠭᠡᠪ ᠤᠨ ᠪᠣᠰᠤ ᠢᠯᠠᠷᠠᠯ ᠣᠷᠤᠰᠢᠵᠤ ᠪᠣᠢ᠃ ᠳᠠᠷᠠᠴᠢᠯᠠᠨ ᠡᠢ᠌ᠮᠦᠷᠭᠦ ᠢᠯᠠᠷᠠᠯ ᠲᠡᠶ ᠬᠡᠦᠬᠡᠳ ᠤᠨ ᠣᠯᠠᠩᠭᠢ ᠨᠢ ᠪᠦᠷ ᠠᠮᠢᠳᠤᠷᠠᠯ ᠤᠨ ᠨᠥᠭᠦᠴᠡᠯ ᠶᠢᠡᠷ ᠨᠠᠯᠢᠶᠠᠤᠨ ᠰᠠᠢ᠌ᠨ ᠭᠡᠷ ᠪᠦᠯᠢ ᠶᠢᠨ ᠬᠡᠦᠬᠡᠳ ᠪᠣᠯᠤᠨ᠎ᠠ᠃ ᠡᠭᠦᠨ ᠡᠴᠠ ᠪᠢᠳᠠ ᠬᠡᠦᠬᠡᠳ ᠤᠨ ᠦᠰᠤᠨ ᠪᠣᠢ᠌ᠵᠢᠯᠳᠠ ᠳᠤ ᠡᠳ᠋ ᠪᠣᠳᠠᠰ ᠤᠨ ᠳᠡᠮᠵᠢᠯᠭᠡ ᠭᠡᠷᠡᠭ᠍ᠳᠡᠢ ᠪᠠᠷ ᠪᠠᠷᠠᠬᠤ ᠦᠭᠡᠶ ᠣᠶᠤᠨ ᠰᠠᠨᠠᠭᠠᠨ ᠤ ᠳᠠᠯ᠎ᠠ ᠪᠠᠷ ᠭᠢ ᠬᠠᠢ᠌ᠷ᠎ᠠ ᠬᠠᠯᠠᠮᠵᠢ ᠨᠠᠩ ᠴᠢᠬᠤᠯᠠ ᠭᠡᠳᠡᠭ᠌ ᠢ ᠮᠠᠳᠠᠵᠤ ᠪᠣᠯᠤᠨ᠎ᠠ᠃ ᠳᠠᠢ᠌ᠮᠤ ᠡ᠂ ᠬᠡᠦᠬᠡᠳ ᠤᠨ ᠦᠰᠤᠨ ᠪᠣᠢ᠌ᠵᠢᠯᠳᠠ ᠳᠤ ᠬᠠᠢ᠌ᠷ᠎ᠠ ᠬᠠᠯᠠᠮᠵᠢ ᠬᠠᠮᠤᠭ ᠤᠨ ᠴᠢᠬᠤᠯᠠ ᠪᠠᠢ᠌ᠷᠢ ᠶᠢ ᠡᠵᠡᠯᠡᠨ᠎ᠡ᠃ ᠳᠠᠷᠠ ᠨᠢ ᠬᠡᠦᠬᠡᠳ ᠤᠨ ᠦᠰᠤᠨ ᠪᠣᠢ᠌ᠵᠢᠯᠳᠠ ᠶᠢᠨ ᠠᠯᠢ ᠴᠤ ᠨᠢᠭᠡᠨ ᠶᠠᠪᠣᠴᠠ ᠳᠤ ᠭᠡᠰᠡᠨ ᠦᠭᠡᠶ ᠳᠠᠰᠤᠷᠠᠯᠳᠠ ᠦᠭᠡᠶ ᠱᠠᠭᠠᠷᠳᠠᠭᠳᠠᠵᠤ ᠪᠠᠢ᠌ᠭ᠎ᠠ ᠭᠦᠴᠤᠨ ᠵᠣᠢ᠌ᠯ ᠪᠣᠯᠬᠤ ᠶ‍ᠦᠮ᠃ ᠬᠡᠦᠬᠡᠳ ᠪᠠᠭᠠᠴᠤᠳ ᠤᠨ ᠦᠰᠤᠨ ᠪᠣᠢ᠌ᠵᠢᠯᠳᠠ ᠶᠢᠨ ᠶᠠᠪᠣᠴᠠ ᠳᠤ ᠱᠠᠭᠠᠷᠳᠠᠭᠳᠠᠬᠤ ᠬᠠᠢ᠌ᠷ᠎ᠠ ᠬᠠᠯᠠᠮᠵᠢ ᠨᠢ ᠶᠠᠭ ᠰᠠᠢ᠌ᠬᠠᠨ ᠣᠷᠭᠤᠮᠠᠯ ᠪᠣᠳᠠᠰ ᠤᠨ ᠦᠰᠤᠨ ᠲᠦᠯᠵᠢᠭᠦ ᠶᠠᠪᠣᠴᠠ ᠳᠤ ᠱᠠᠭᠠᠷᠳᠠᠭᠳᠠᠬᠤ ᠨᠠᠷᠠᠨ ᠤ ᠢᠯᠴᠢ᠂ ᠬᠤᠷ᠎ᠠ ᠶᠢᠨ ᠰᠢᠮ᠎ᠠ ᠲᠡᠶ ᠡᠭᠡᠭᠡ ᠠᠳᠠᠯᠢᠬᠠᠨ ᠪᠠᠢ᠌ᠳᠠᠭ᠃ ᠣᠷᠭᠤᠮᠠᠯ ᠪᠣᠳᠠᠰ ᠨᠢ ᠨᠠᠷᠠᠨ ᠤ ᠢᠯᠴᠢ ᠪᠠ ᠬᠤᠷ᠎ᠠ ᠶᠢᠨ ᠰᠢᠮ᠎ᠠ ᠶᠢᠨ ᠠᠯᠢ ᠨᠢᠭᠡ ᠨᠢ ᠳᠤᠳᠠᠪᠠᠯ ᠠᠮᠢᠯᠠᠯ ᠤᠨ ᠭᠦᠴᠤᠨ ᠶᠢᠡᠨ ᠠᠯᠳᠠᠬᠤ ᠲᠡᠶ ᠠᠳᠠᠯᠢ ᠪᠠᠷ ᠬᠡᠦᠬᠡᠳ ᠪᠠᠭᠠᠴᠤᠳ ᠴᠤ ᠪᠣᠳᠠᠰ ᠤᠨ ᠬᠠᠯᠠᠮᠵᠢᠯᠠᠯ ᠪᠠ ᠣᠶᠤᠨ ᠰᠠᠨᠠᠭᠠᠨ ᠤ ᠬᠠᠯᠠᠮᠵᠢᠯᠠᠯ ᠤᠨ ᠠᠯᠢ ᠨᠢᠭᠡ ᠨᠢ ᠳᠤᠳᠠᠪᠠᠯ ᠢᠳᠡᠭᠡᠯ ᠭᠦᠰᠡᠯ ᠶᠢᠡᠨ ᠠᠯᠳᠠᠬᠤ ᠨᠢ ᠳᠠᠮᠵᠢᠭ ᠦᠭᠡᠶ᠃

ᠬᠡᠦᠬᠡᠳ ᠪᠠᠭᠠᠴᠤᠳ ᠤᠨ ᠦᠰᠤᠨ ᠪᠣᠢ᠌ᠵᠢᠯᠳᠠ ᠶᠢᠨ ᠶᠠᠪᠣᠴᠠ ᠳᠤ ᠪᠠᠨ ᠭᠦᠷᠳᠡᠭᠦ ᠣᠶᠤᠨ ᠰᠠᠨᠠᠭᠠᠨ ᠤ ᠬᠠᠢ᠌ᠷ᠎ᠠ ᠬᠠᠯᠠᠮᠵᠢ ᠨᠢ ᠣᠯᠠᠨ ᠳᠠᠯ᠎ᠠ ᠶᠢᠨ ᠢᠷᠠᠯᠳᠠ ᠲᠡᠶ ᠪᠠᠢ᠌ᠳᠠᠭ᠃ ᠡᠢ᠌ᠮᠦᠷᠭᠦ ᠬᠠᠯᠠᠮᠵᠢ ᠨᠢ ᠡᠴᠢᠭᠡ ᠡᠭᠡ᠂ ᠪᠠᠭᠰᠢ ᠠᠬᠠᠮᠠᠤᠨ᠂ ᠨᠠᠢ᠌ᠵᠠ ᠨᠥᠭᠦᠤᠨ᠂ ᠳᠦᠷᠦᠯ ᠰᠠᠳᠤᠨ ᠵᠡᠷᠭᠡ ᠬᠠᠮᠢᠶ᠎ᠠ ᠪᠦᠭᠦᠢ ᠭᠦᠮᠦᠰ ᠤᠨ ᠬᠡᠦᠬᠡᠳ ᠢ ᠬᠠᠯᠠᠮᠵᠢᠯᠠᠨ ᠵᠤᠷᠢᠭᠵᠢᠭᠤᠯᠬᠤ᠂ ᠰᠠᠨᠠᠭᠤᠯᠵᠤ ᠰᠡᠩᠭᠡᠷᠡᠭᠦᠯᠭᠦ᠂ ᠢᠳᠡᠭᠡᠵᠤ ᠭᠦᠡᠳᠦᠯᠡᠭᠦ ᠵᠡᠷᠭᠡ ᠭᠦᠮᠤᠨ ᠤ ᠬᠤᠭᠤᠷᠤᠠᠳᠤᠭᠢ ᠬᠠᠷᠢᠯᠴᠠᠭ᠎ᠠ ᠶᠠᠪᠣᠯᠴᠠᠭ᠎ᠠ ᠨᠡᠢ᠌ᠭᠡᠮ ᠨᠠᠢ᠌ᠳᠠ ᠶᠢᠨ ᠬᠡᠦᠬᠡᠳ ᠤᠨ ᠡᠷᠡᠭᠦᠯ ᠰᠠᠷᠠᠭᠤᠯ ᠦᠰᠤᠨ ᠪᠣᠢ᠌ᠵᠢᠯᠳᠠ ᠶᠢ ᠠᠭᠢᠭᠤᠯᠬᠤ ᠪᠠᠷ ᠪᠠᠳᠤᠯᠠᠭᠰᠠᠨ ᠬᠠᠤᠯᠢ ᠳᠦᠷᠢᠮ᠂ ᠳᠤᠬᠠᠢ᠌ᠯᠠᠪᠠᠯ 《ᠨᠠᠰᠤᠨ ᠳᠤ ᠦᠯᠦ ᠭᠦᠷᠦᠭ᠍ᠰᠡᠳ ᠢ ᠬᠠᠮᠠᠭᠠᠯᠠᠬᠤ ᠬᠠᠤᠯᠢ》᠂ 《ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠬᠠᠤᠯᠢ》 ᠵᠡᠷᠭᠡ ᠨᠡᠢ᠌ᠭᠡᠮ ᠳᠤᠭᠤᠷᠢᠭ ᠡᠴᠠ ᠭᠠᠷᠭᠠᠭᠰᠠᠨ ᠪᠠᠭᠠᠴᠤᠳ ᠬᠡᠦᠬᠡᠳ ᠤᠨ ᠭᠦᠮᠦᠵᠢᠯ ᠪᠣᠯᠪᠠᠰᠤᠷᠠᠯ ᠢ ᠠᠭᠢᠭᠤᠯᠬᠤ ᠭᠦᠳᠡᠯᠭᠡᠭᠡᠨ ᠤ ᠲᠥᠪ᠂ ᠨᠤᠮ ᠤᠨ ᠰᠠᠩ ᠵᠡᠷᠭᠡ ᠨᠢ ᠪᠦᠷ ᠬᠡᠦᠬᠡᠳ ᠪᠠᠭᠠᠴᠤᠳ ᠤᠨ ᠦᠰᠤᠨ ᠪᠣᠢ᠌ᠵᠢᠯᠳᠠ ᠳᠤ ᠣᠶᠤᠨ ᠤ ᠳᠠᠯ᠎ᠠ ᠪᠠᠷ ᠬᠠᠢ᠌ᠷ᠎ᠠ ᠭᠦᠷᠳᠡᠭᠡᠯ ᠣᠯᠭᠤᠵᠤ ᠪᠠᠢ᠌ᠭ᠎ᠠ ᠶᠠᠪᠣᠳᠠᠯ ᠪᠣᠯᠤᠨ᠎ᠠ᠃ ᠡᠭᠦᠨ ᠡᠴᠠ ᠭᠠᠳᠠᠨ᠎ᠠ ᠭᠡᠷ ᠪᠦᠯᠢ ᠪᠠ ᠨᠡᠢ᠌ᠭᠡᠮ ᠤᠨ ᠰᠠᠢ᠌ᠨ ᠰᠠᠢ᠌ᠬᠠᠨ ᠭᠡᠪ ᠰᠤᠷᠳᠠᠯ ᠵᠡᠷᠭᠡ ᠨᠢ ᠴᠤ ᠬᠡᠦᠬᠡᠳ ᠲᠤ ᠵᠤᠭᠢᠬᠤ ᠭᠡᠮᠵᠢᠶᠡᠨ ᠤ ᠣᠶᠤᠨ ᠤ ᠰᠢᠮ᠎ᠠ ᠶᠢ ᠬᠠᠩᠭ᠋ᠠᠳᠠᠭ᠃ ᠡᠭᠦᠨ ᠲᠡᠶ ᠡᠰᠡᠷᠭᠦ ᠪᠠᠷ ᠨᠡᠢ᠌ᠭᠡᠮ ᠤᠨ ᠵᠠᠷᠢᠮ ᠥᠡᠴᠦᠭ᠌ ᠪᠣᠯᠤᠩ ᠳ᠋ᠠᠭᠢ ᠵᠤᠭᠤᠰ ᠮᠦᠩᠭᠦ ᠶᠢ ᠰᠢᠳᠤᠵᠤ ᠵᠢᠷᠭᠠᠨ ᠴᠡᠩᠭᠡᠭᠦ ᠶᠢ ᠭᠦᠭᠡᠭᠡᠴᠡᠯᠳᠦᠭᠦ ᠢᠯᠵᠠᠷᠠᠮᠠᠯ ᠦᠵᠡᠯ᠂ ᠱᠠᠯᠢᠨ ᠪᠦᠷᠢᠯᠭᠡᠭᠦ ᠰᠤᠷᠳᠠᠯ᠂ ᠭᠡᠭᠡᠯᠢ ᠬᠠᠬᠤᠤᠯᠢ ᠢᠳᠡᠭᠦ ᠨᠤᠶᠠᠠᠴᠢ ᠰᠤᠷᠳᠠᠯ ᠵᠢᠴᠢ ᠭᠤᠤᠯᠴᠢ ᠪᠣᠰᠤ ᠥᠵᠡᠭ᠍ᠳᠡᠯ ᠵᠡᠷᠭᠡ ᠨᠢ ᠣᠳᠤᠬᠠᠨ ᠤ ᠬᠡᠦᠬᠡᠳ ᠪᠠᠭᠠᠴᠤᠳ ᠤᠨ ᠣᠶᠤᠨ ᠰᠠᠨᠠᠭᠠᠨ ᠳᠤ ᠵᠤᠭᠢᠬᠤ ᠨᠠᠵᠠᠭᠠᠢ ᠨᠥᠯᠦᠭᠡ ᠥᠵᠡᠭᠦᠯᠵᠤ᠂ ᠳᠠᠳᠠᠨᠤᠰ ᠤᠨ ᠥᠭᠡᠳᠡᠯᠡᠨ ᠳᠠᠪᠰᠢᠬᠤ ᠣᠷᠮ᠎ᠠ ᠵᠤᠷᠢᠭ ᠢ ᠬᠤᠭᠤᠯᠬᠤ᠂ ᠢᠳᠡᠭᠡᠯ ᠭᠦᠰᠡᠯ ᠢ ᠪᠠᠭᠤᠷᠠᠭᠤᠯᠬᠤ᠂ ᠴᠢᠨᠠᠭᠰᠢᠯᠠᠨ ᠬᠠᠵᠠᠭᠠᠢ ᠪᠣᠷᠤᠭᠤ ᠭᠢᠰᠭᠢᠭᠦ ᠳᠤ ᠭᠦᠷᠭᠡᠵᠤ ᠪᠣᠢ᠃ ᠡᠨᠡ ᠨᠢ ᠭᠡᠳᠥᠢᠪᠠᠷ ᠣᠳᠤᠬᠠᠨ ᠤ ᠨᠡᠢ᠌ᠭᠡᠮ ᠤᠨ ᠭᠤᠤᠯ ᠥᠵᠡᠭ᠍ᠳᠡᠯ ᠪᠢᠰᠢ ᠪᠣᠯᠪᠠᠴᠤ ᠪᠢᠳᠠ ᠳᠡᠭᠦᠨ ᠢ ᠭᠦᠩᠭᠡᠪᠴᠢᠯᠡᠵᠤ ᠦᠯᠦ ᠪᠣᠯᠤᠨ᠎ᠠ᠃ 《ᠳᠤᠰᠤᠯ ᠴᠢᠰᠤ ᠨᠢ ᠰᠠᠭᠤᠯᠠᠭ᠎ᠠ ᠰᠦ᠋ ᠶᠢ ᠊ᠭ᠍‍ᠬᠢᠷᠳᠦᠭᠡᠨ᠎ᠡ》 ᠭᠡᠳᠡᠭ᠍ᠴᠢᠯᠡᠨ᠂ ᠨᠡᠢ᠌ᠭᠡᠮ ᠤᠨ ᠡᠢ᠌ᠮᠦᠷᠭᠦ ᠨᠠᠵᠠᠭᠠᠢ ᠭᠡᠪ ᠰᠤᠷᠳᠠᠯ ᠨᠢ ᠮᠠᠨ ᠤ ᠪᠦᠭᠦᠢᠯᠡ ᠡᠶ᠎ᠡ ᠵᠤᠭᠢᠴᠠᠩᠭ᠋ᠤᠢ ᠨᠡᠢ᠌ᠭᠡᠮ ᠤᠨ ᠪᠠᠢ᠌ᠭᠤᠯᠤᠯᠳᠠ ᠳᠤ ᠊ᠭ᠍‍ᠬᠢᠷ ᠭᠦᠷᠭᠡᠭᠦ ᠪᠠᠷ ᠦᠯᠦ ᠪᠠᠷᠠᠨ᠂ ᠮᠠᠨ ᠤ ᠬᠣᠢ᠌ᠴᠢ ᠦᠶ᠎ᠡ ᠶᠢᠨ ᠵᠠᠯᠭᠠᠮᠵᠢᠯᠠᠭᠴᠢ ᠪᠣᠯᠤᠭᠰᠠᠨ ᠬᠡᠦᠬᠡᠳ ᠪᠠᠭᠠᠴᠤᠳ ᠤᠨ ᠦᠵᠡᠯ ᠰᠠᠨᠠᠭ᠎ᠠ᠂ ᠭᠡᠪ ᠰᠤᠷᠳᠠᠯ ᠤᠨ ᠵᠦᠪ ᠶᠢᠡᠷ ᠪᠦᠷᠢᠯᠳᠤᠨ ᠭᠦᠭ᠍ᠵᠢᠭᠦ ᠳᠤ ᠭᠦᠡᠳᠤ ᠨᠤᠴᠢᠳᠠᠢ ᠰᠠᠭᠠᠤᠨ ᠳᠤᠳᠬᠠᠷ ᠪᠣᠯᠵᠤ ᠪᠠᠢ᠌ᠨ᠎ᠠ᠃ ᠡᠢ᠌ᠮᠤ ᠡᠴᠠ ᠣᠳᠤᠬᠠᠨ ᠤ ᠢᠯᠵᠠᠷᠠᠮᠠᠯ ᠢ ᠡᠰᠡᠷᠭᠦᠴᠡᠭᠦ ᠳᠦᠷᠤ ᠶᠢᠨ ᠪᠣᠳᠤᠯᠭ᠎ᠠ ᠭᠢᠭᠡᠳ ᠢᠯᠵᠠᠷᠠᠮᠠᠯ ᠡᠳᠡᠭᠡᠳ ᠲᠤ ᠭᠦᠡᠳᠤ ᠨᠤᠴᠢᠳᠠᠢ ᠴᠤᠭᠢᠯᠳᠠ ᠦᠭ‍ᠭᠦ ᠵᠡᠷᠭᠡ ᠠᠵᠢᠯᠯᠠᠭ᠎ᠠ ᠨᠢ ᠵᠤᠭᠢᠬᠤ ᠤᠳᠬ᠎ᠠ ᠶᠢᠨ ᠳᠠᠯ᠎ᠠ ᠡᠴᠠ ᠦᠵᠡᠪᠠᠯ ᠮᠠᠨ ᠤ ᠬᠣᠢ᠌ᠴᠢ ᠦᠶ᠎ᠡ ᠶᠢᠨ ᠭᠢᠨ ᠤ ᠣᠶᠤᠨ ᠰᠠᠨᠠᠭᠠᠨ ᠤ ᠶ‍ᠢᠷᠳᠢᠠᠴᠤ ᠳᠤ ᠨᠢᠭᠡ ᠭᠡᠮᠵᠢᠶᠡᠨ ᠤ ᠣᠭᠢᠶᠠᠯ ᠪᠣᠯᠵᠤ ᠪᠠᠢ᠌ᠭ᠎ᠠ ᠶᠤᠮ᠃

ᠢᠩᠭᠢᠭᠡᠳ ᠥᠵᠡᠭᠦᠯᠡᠷ᠂ ᠬᠤᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠭᠡᠳᠡᠭ᠌ ᠨᠢ ᠵᠥᠪᠭᠡᠨ ᠨᠢᠭᠡ ᠭᠡᠳᠤᠨ ᠨᠠᠰᠤᠨ ᠤ ᠠᠮᠠᠷᠠᠯᠳᠠ ᠪᠠᠨ ᠠᠪᠣᠭᠰᠠᠨ ᠺᠠᠳ᠋ᠷ ᠪᠠ ᠥᠭ᠍‍ᠭᠢᠶᠡᠮᠦᠷ ᠴᠠᠢ᠌ᠯᠭᠠᠨ ᠰᠡᠳᠭᠢᠯ ᠲᠡᠶ ᠭᠦᠮᠦᠰ ᠤᠨ ᠶᠠᠳᠠᠭᠤ ᠭᠦᠴᠢᠷᠳᠡᠯᠳᠡᠢ ᠭᠡᠷ ᠪᠦᠯᠢ ᠶᠢᠨ ᠬᠡᠦᠬᠡᠳ ᠢ ᠡᠳ᠋ ᠪᠣᠳᠠᠰ ᠶᠢᠡᠷ ᠬᠠᠯᠠᠮᠵᠢᠯᠠᠨ ᠳᠤᠰᠠᠯᠠᠬᠤ ᠪᠣᠶᠠᠠᠰᠠᠭ ᠠᠵᠢᠯᠯᠠᠭ᠎ᠠ ᠡᠰᠡᠭᠦᠯ᠎ᠡ ᠬᠤᠯᠪᠣᠭᠳᠠᠯ ᠪᠦᠭᠦᠢ ᠭᠡᠳᠤᠨ ᠪᠠᠢ᠌ᠭᠤᠯᠭ᠎ᠠ ᠨᠢᠭᠡᠴᠢ ᠶᠢᠨ ᠬᠠᠯᠠᠮᠵᠢᠯᠠᠬᠤ ᠠᠵᠢᠯ ᠤᠨ ᠵᠦᠪᠯᠠᠯ ᠤᠨ ᠡᠭᠦᠷᠭᠡ ᠳᠠᠳᠤᠢ ᠯᠠ ᠪᠢᠰᠢ᠂ ᠬᠠᠷᠢᠨ ᠨᠡᠢ᠌ᠭᠡᠮ ᠵᠢᠷᠤᠮᠳᠤ ᠪᠠᠢ᠌ᠭᠤᠯᠤᠯ ᠤᠨ ᠪᠦᠷᠢᠯᠳᠦᠭᠦᠨ ᠪᠣᠯᠤᠭᠰᠠᠨ ᠪᠢᠳᠠ ᠪᠦᠭᠦᠨ ᠤ ᠬᠠᠮᠳᠤ ᠶᠢᠨ ᠡᠭᠦᠷᠭᠡ ᠪᠤᠯᠤᠨ᠎ᠠ᠃ ᠡᠢ᠌ᠮᠤ ᠡᠴᠠ ᠪᠢᠳᠠ ᠬᠠᠮᠳᠤ ᠪᠠᠷ ᠶᠢᠡᠨ ᠭᠦᠳᠡᠯᠦᠯᠴᠡᠵᠤ᠂ ᠬᠤᠢ᠌ᠴᠢ ᠦᠶ᠎ᠡ ᠶᠢᠨ ᠭᠢᠨ ᠤ ᠦᠰᠤᠯᠳᠠ ᠪᠣᠢ᠌ᠵᠢᠯᠳᠠ ᠶᠢᠨ ᠡᠯ᠎ᠡ ᠶᠠᠪᠣᠴᠠ ᠳᠤ ᠶᠠᠭᠤ ᠭᠦᠰᠡᠵᠤ ᠱᠠᠭᠠᠷᠳᠠᠭᠳᠠᠵᠤ ᠪᠠᠢ᠌ᠭ᠎ᠠ ᠶᠢ ᠵᠦᠪ ᠶᠢᠡᠷ ᠳᠠᠨᠢᠵᠤ ᠣᠢ᠌ᠯᠠᠭᠠᠨ᠂ ᠳᠠᠳᠠᠨ ᠤ ᠡᠷᠡᠭᠦᠯ ᠴᠤᠪᠣᠭᠤ ᠦᠰᠴᠤ ᠢᠳᠡᠭᠡᠯ ᠭᠦᠰᠡᠯ ᠲᠡᠶ᠂ ᠴᠤᠭ ᠰᠦᠯᠳᠡ ᠲᠡᠶ᠂ ᠣᠷᠤᠭᠰᠢᠯᠠᠨ ᠳᠠᠪᠰᠢᠬᠤ ᠵᠤᠷᠢᠭ ᠰᠠᠨᠠᠭ᠎ᠠ ᠲᠡᠶ ᠪᠣᠯᠬᠤ ᠳᠤ ᠨᠢ ᠪᠦᠭᠦ ᠳᠠᠯ᠎ᠠ ᠪᠠᠷ ᠬᠠᠢ᠌ᠷ᠎ᠠ ᠳᠡᠮᠵᠢᠯᠭᠡ ᠭᠦᠷᠳᠡᠭᠡᠪᠠᠯ ᠵᠤᠭᠢᠨ᠎ᠡ᠃

ᠶᠠᠮᠠᠷᠪᠠ ᠨᠢᠭᠡᠨ ᠣᠯᠤᠰ ᠦᠨᠳᠦᠰᠦᠳᠠᠨ ᠤ ᠭᠦᠭ᠍ᠵᠢᠯ ᠪᠠᠳᠠᠷᠠᠯ ᠨᠢ ᠪᠦᠷ ᠯᠠ ᠳᠤᠬᠠᠢ ᠶᠢᠨ ᠣᠯᠤᠰ ᠦᠨᠳᠦᠰᠦᠳᠠᠨ ᠤ ᠪᠠᠨ ᠭᠦᠮᠤᠨ ᠠᠷᠠᠤᠨ ᠤᠨ ᠣᠬᠠᠭᠠᠷᠠᠯ ᠰᠡᠭᠡᠭᠡᠷᠡᠯ᠂ ᠭᠦᠴᠤᠨ ᠵᠢᠳᠭᠦᠯ ᠡᠴᠠ ᠰᠠᠯᠵᠤ ᠴᠢᠳᠠᠰᠢ ᠦᠭᠡᠶ ᠪᠠᠢ᠌ᠳᠠᠭ᠃ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠣᠢ᠌ᠯᠠᠰ ᠢ ᠡᠷᠭᠦᠨ ᠮᠠᠠᠳᠤᠭᠤᠯᠵᠤ ᠶᠠᠪᠣᠭᠰᠠᠨ ᠮᠠᠨ ᠤ ᠠᠬᠠᠮᠠᠤᠨ ᠦᠶ᠎ᠡ ᠶᠢᠨ ᠭᠢᠨ ᠪᠠ ᠦᠨᠦᠳᠤᠷ ᠤᠨ ᠡᠶ᠎ᠡ ᠵᠤᠭᠢᠴᠠᠩᠭ᠋ᠤᠢ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠣᠢ᠌ᠯᠠᠰ ᠢ ᠡᠷᠭᠦᠨ ᠳᠤᠯᠵᠤ ᠶᠠᠪᠣᠭ᠎ᠠ ᠢᠳᠠᠷ ᠵᠠᠯᠠᠭᠤ ᠦᠶ᠎ᠡ ᠶᠢᠨ ᠭᠢᠨ ᠪᠢᠳᠠ ᠬᠠᠮᠳᠤ ᠪᠠᠷ ᠶᠢᠡᠨ ᠭᠦᠳᠡᠯᠦᠯᠴᠡᠨ᠂ ᠮᠡᠨ ᠤ ᠬᠣᠢ᠌ᠰᠢᠳᠠ ᠶᠢᠨ ᠣᠢ᠌ᠯᠠᠰ ᠢ ᠵᠠᠯᠭᠠᠮᠵᠢᠯᠠᠨ ᠭᠦᠭ᠍ᠵᠢᠭᠦᠯᠭᠦ ᠬᠡᠦᠬᠡᠳ ᠪᠠᠭᠠᠴᠤᠳ ᠤᠨ ᠦᠰᠤᠯᠳᠠ ᠪᠣᠢ᠌ᠵᠢᠯᠳᠠ᠂ ᠭᠦᠮᠦᠵᠢᠯ ᠪᠣᠯᠪᠠᠰᠤᠷᠠᠯ ᠢ ᠬᠠᠯᠠᠮᠵᠢᠯᠠᠬᠤ ᠠᠵᠢᠯ ᠢ ᠦᠨᠡᠩᠬᠦ ᠦᠪᠡᠷ ᠤᠨ ᠶᠢᠡᠨ ᠠᠷᠢᠭᠤᠨ ᠳᠠᠷᠬᠠᠨ ᠡᠭᠦᠷᠭᠡ ᠪᠣᠯᠭᠠᠨ ᠦᠵᠡᠵᠤ᠂ ᠪᠠᠶ᠎ᠠ ᠪᠠᠷ ᠶᠢᠡᠨ ᠳᠦᠷᠢᠮᠯᠠᠨ ᠭᠢᠵᠡᠭᠡᠶ᠎ᠡ᠃

ᠬᠣᠢ᠌ᠴᠢ ᠦᠶ᠎ᠡ ᠶᠢᠨ ᠭᠢᠨ ᠢ ᠬᠠᠯᠠᠮᠵᠢᠯᠠᠬᠤ ᠪᠣᠯ ᠳᠠ ᠪᠢᠳᠠᠨ ᠤ ᠬᠠᠮᠳᠤ ᠶᠢᠨ ᠡᠭᠦᠷᠭᠡ ᠮᠦᠨ ︕


ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠮᠤᠩᠭ᠋ᠤᠯ ᠬᠡᠦᠬᠡᠳ ᠤᠨ ᠴᠡᠴᠡᠷᠯᠢᠭ᠌

ᠵᠤᠬᠢᠶᠠᠭᠴᠢ᠄ ᠴᠢᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2795
ᠴᠠᠭ᠄ 2013 ᠤᠨ ᠤ 11 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ