ᠨᠡᠪᠲᠡᠷᠡᠨ ᠤᠷᠤᠬᠤ
ᠬᠡᠢ ᠮᠤᠷᠢ

ᠪᠣᠰᠤᠭ᠎ᠠ ᠶᠠᠪᠣᠭᠰᠠᠨ ᠦᠨᠳᠦᠰᠦᠳᠠᠨ ᠤ ᠮᠢᠨᠢ

ᠵᠤᠭᠰᠤᠭ᠎ᠠ ᠶᠠᠪᠣᠭᠰᠠᠨ ᠭᠡᠢ ᠮᠤᠷᠢ

ᠪᠣᠷᠬᠠᠨ ᠬᠠᠯᠳᠤᠨ ᠤ ᠡᠩᠭᠡᠷ ᠡᠴᠡ

ᠪᠣᠷᠭᠢᠯᠵᠤ ᠮᠠᠠᠳᠤᠭᠰᠠᠨ ᠭᠡᠢ ᠮᠤᠷᠢ

ᠳᠡᠯᠢᠭᠦᠨ ᠪᠣᠯᠳᠤᠭ ᠡᠴᠡ ᠡᠭᠢᠯᠡᠵᠤ ᠣᠠᠳᠤᠷᠤᠭᠰᠠᠨ

ᠳᠡᠭ᠍ᠷᠢᠯᠢᠭ᠌ ᠳᠡᠭᠡᠳᠦᠰ ᠤᠨ ᠭᠡᠢ ᠮᠤᠷᠢ

ᠳᠠᠮᠤᠷ ᠳᠤᠭᠤᠷᠠᠢ ᠪᠠᠷ ᠳᠡᠯᠡᠭᠡᠢ ᠶᠢ ᠳᠦᠪᠰᠢᠦᠡᠭᠡᠭ᠍ᠰᠡᠨ

ᠳᠠᠮᠤᠵᠢᠨ ᠡᠵᠡᠨ ᠤ ᠭᠡᠢ ᠮᠤᠷᠢ

ᠭᠬᠢᠷᠳᠦᠵᠤ ᠥᠵᠡᠭᠡ ᠦᠭᠡᠶ ᠳᠡᠭ᠍ᠷᠢ ᠶᠢᠨ ᠳᠤᠤᠷ᠎ᠠ

ᠭᠡᠪᠳᠡᠵᠤ ᠥᠵᠡᠭᠡ ᠦᠭᠡᠶ ᠭᠡᠢ ᠮᠤᠷᠢ

ᠭᠡᠭᠡᠷ᠎ᠡ ᠶᠢᠨ ᠰᠠᠯᠭᠢᠨ ᠤ ᠠᠶᠠᠰ ᠶᠢᠡᠷ

ᠵᠡᠭᠡᠷ᠎ᠡ ᠰᠢᠭ᠌ ᠨᠠᠮᠢᠷᠠᠭᠰᠠᠨ ᠭᠡᠢ ᠮᠤᠷᠢ

ᠮᠤᠷᠢ ᠲᠡᠶ ᠪᠠᠨ ᠠᠮᠢ ᠪᠠᠨ ᠬᠤᠯᠪᠣᠭᠰᠠᠨ

ᠮᠤᠩᠭ᠋ᠤᠯ ᠭᠦᠮᠤᠨ ᠤ ᠭᠡᠢ ᠮᠤᠷᠢ

ᠨᠠᠷ᠎ᠠ ᠲᠡᠶ ᠪᠠᠨ ᠴᠢᠰᠤ ᠪᠠᠨ ᠰᠢᠩᠭᠡᠭᠡᠭ᠍ᠰᠡᠨ

ᠡᠷ᠎ᠡ ᠭᠦᠮᠤᠨ ᠤ ᠭᠡᠢ ᠮᠤᠷᠢ

ᠠᠭᠤᠯᠠ ᠣᠰᠤ ᠳᠠᠮᠵᠢᠭᠠᠤᠨ

ᠴᠠᠭᠢᠯᠠᠵᠤ ᠶᠠᠪᠣᠭᠰᠠᠨ ᠭᠡᠢ ᠮᠤᠷᠢ

ᠣᠳᠤᠨ ᠭᠠᠷᠠᠭ ᠰᠥᠯᠵᠢᠭᠡᠤᠨ

ᠭᠢᠯᠠᠰᠴᠤ ᠶᠠᠪᠣᠭᠰᠠᠨ ᠭᠡᠢ ᠮᠤᠷᠢ

ᠭᠡᠢ ᠮᠤᠷᠢ᠂ ᠭᠡᠢ ᠮᠤᠷᠢ

ᠭᠡᠢ᠌ᠰᠴᠤ ᠶᠠᠪᠣᠭ᠎ᠠ ᠮᠤᠩᠭ᠋ᠤᠯ ᠮᠤᠷᠢ

ᠭᠢᠯᠢ ᠦᠭᠡᠶ ᠰᠠᠢ᠌ᠬᠠᠨ ᠨᠤᠳᠤᠭ ᠶᠢᠡᠨ

ᠵᠤᠷᠢᠵᠤ ᠶᠠᠪᠣᠭ᠎ᠠ ᠮᠢᠨᠤ ᠮᠤᠷᠢ

ᠭᠡᠢ ᠮᠤᠷᠢ᠂ ᠭᠡᠢ ᠮᠤᠷᠢ

ᠭᠡᠯᠡ ᠲᠡᠶ ᠠᠮᠢ ᠲᠡᠶ ᠮᠤᠩᠭ᠋ᠤᠯ ᠮᠤᠷᠢ

ᠭᠡᠳᠤ ᠶᠢᠨ ᠰᠠᠢ᠌ᠬᠠᠨ ᠣᠢ᠌ᠯᠠᠰ ᠶᠢᠡᠨ

ᠵᠢᠷᠤᠭᠯᠠᠵᠤ ᠪᠠᠢ᠌ᠭ᠎ᠠ ᠰᠠᠤᠠᠭᠢᠯ ᠤᠨ ᠮᠤᠷᠢ

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3624
ᠴᠠᠭ᠄ 2005 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ