ᠨᠡᠪᠲᠡᠷᠡᠨ ᠤᠷᠤᠬᠤ
ᠨᠤᠳᠤᠭ ᠤᠨ ᠴᠢᠯᠠᠭᠤ

ᠠᠭᠤᠯᠠ ᠶᠢᠨ ᠰᠦᠷ ᠨᠢ ᠬᠠᠨᠠᠢ᠌ᠭᠠᠤᠨ ᠠᠪᠣ ᠶᠢᠨ ᠪᠠᠷ᠎ᠠ ᠲᠡᠶ ᠴᠢᠯᠠᠭᠤ

ᠣᠰᠤᠨ ᠤ ᠳᠢᠬᠠᠢ ᠨᠢ ᠮᠡᠯᠮᠡᠷᠡᠭᠡᠤᠨ ᠡᠵᠢ ᠶᠢᠨ ᠦᠷᠦ ᠲᠡᠶ ᠴᠢᠯᠠᠭᠤ

ᠨᠠᠰᠤ ᠪᠠᠶ᠎ᠠ ᠶᠢ ᠳᠠᠭᠠᠵᠤ ᠵᠢᠷᠦᠭᠡᠨ ᠳᠤ ᠥᠡᠳᠡᠭᠡᠯᠡᠭ᠍ᠰᠡᠨ ᠴᠢᠯᠠᠭᠤ

ᠨᠠᠷᠠ ᠰᠠᠯᠭᠢᠨ ᠳᠤ ᠨᠠᠪᠴᠢᠵᠤ ᠮᠥᠷᠦᠭᠡᠳᠦᠯ ᠴᠡᠴᠡᠭᠯᠡᠭ᠍ᠰᠡᠨ ᠴᠢᠯᠠᠭᠤ

ᠣᠠᠳᠠᠬᠤ ᠨᠣᠢ᠌ᠷ ᠤᠨ ᠵᠡᠭᠦᠳᠤᠨ ᠳᠤ ᠳᠠᠷ᠎ᠠ ᠪᠣᠯᠤᠭᠰᠠᠨ ᠴᠢᠯᠠᠭᠤ

ᠣᠨᠠᠨ ᠳᠤᠰᠤᠨ ᠶᠠᠪᠣᠬᠤ ᠳᠤ ᠣᠬᠠᠭ᠎ᠠ ᠰᠡᠢ᠌ᠯᠦᠭ᠍ᠰᠡᠨ ᠴᠢᠯᠠᠭᠤ

ᠢᠳᠠ ᠪᠣᠷᠤᠭᠠᠨ ᠳᠤ ᠬᠠᠯᠬᠠᠯᠠᠳᠠᠭ ᠣᠰᠤ ᠲᠡᠶ ᠰᠢᠭᠦᠷ ᠴᠢᠯᠠᠭᠤ

ᠶ‍ᠢᠰᠤ ᠶᠢᠨ ᠭᠦᠢᠳᠡᠨ ᠳᠤ ᠪᠦᠭᠡᠴᠡᠢ᠌ᠯᠡᠳᠡᠭ᠌ ᠭᠠᠯ ᠲᠡᠶ ᠨᠦᠮᠦᠷᠢ ᠴᠢᠯᠠᠭᠤ

ᠶᠠᠰᠤ ᠴᠢᠰᠤᠨ ᠳᠤ ᠣᠷᠭᠢᠯᠤᠭᠰᠠᠨ ᠡᠷ᠎ᠡ ᠵᠤᠷᠢᠭ ᠮᠢᠨᠢ ᠴᠢᠯᠠᠭᠤ

ᠶᠠᠩᠵᠤ ᠶᠢᠨ ᠥᠩᠭᠡ ᠭᠡᠯᠪᠠᠷᠢ ᠪᠠᠷ ᠬᠠᠷᠠᠭ᠎ᠠ ᠳᠠᠢ᠌ᠯᠤᠭᠰᠠᠨ ᠴᠢᠯᠠᠭᠤ

ᠣᠴᠤᠭ ᠤᠨ ᠭᠤᠷᠪᠠ ᠪᠠᠨ ᠬᠠᠷᠰᠢᠭᠤᠯᠵᠤ ᠣᠰᠤᠯ ᠳᠡᠮᠳᠡᠭᠯᠡᠭ᠍ᠰᠡᠨ ᠴᠢᠯᠠᠭᠤ

ᠣᠪᠣᠭ᠎ᠠ ᠱᠠᠩᠰᠢ ᠪᠠᠨ ᠰᠦᠩᠨᠠᠵᠤ ᠳᠡᠭ᠍ᠷᠢ ᠳᠤ ᠰᠥᠵᠢᠭ᠌ᠯᠡᠭ᠍ᠰᠡᠨ ᠴᠢᠯᠠᠭᠤ

ᠡᠭᠢᠨ ᠨᠠᠰᠤ ᠶᠢ ᠠᠷᠭᠠᠮᠵᠢᠵᠤ ᠭᠦᠢ ᠶᠢ ᠳᠠᠷᠤᠭᠰᠠᠨ ᠴᠢᠯᠠᠭᠤ

ᠡᠴᠦᠰ ᠤᠨ ᠠᠮᠢᠰᠬᠤᠭ᠎ᠠ ᠰᠢᠩᠭᠡᠭᠡᠵᠤ ᠮᠠᠨᠠᠭ᠎ᠠ ᠰᠠᠭᠢᠳᠠᠭ ᠴᠢᠯᠠᠭᠤ

ᠠᠮᠠᠷᠠᠭ ᠤᠨ ᠭᠦᠵᠦᠭᠦᠨ ᠳᠤ ᠭᠢᠯᠠᠯᠵᠠᠳᠠᠭ ᠬᠠᠢ᠌ᠷ᠎ᠠ ᠶᠢᠨ ᠳᠠᠩᠭ᠋ᠠᠷᠠᠭ ᠲᠡᠶ ᠴᠢᠯᠠᠭᠤ

ᠠᠯᠳᠠᠨ ᠨᠠᠷᠠ ᠪᠠᠨ ᠦᠨᠳᠠᠢ᠌ᠵᠤ ᠳᠤᠰᠳᠠᠭ ᠨᠤᠳᠤᠭ ᠤᠨ ᠭᠦᠷᠡᠩ ᠴᠢᠯᠠᠭᠤ᠁

ᠳᠡᠭ᠍ᠷᠢ ᠶᠢᠨ ᠡᠭᠦᠯᠡ ᠣᠭᠢᠶᠠᠭᠰᠠᠨ ᠳᠤᠭᠤᠰᠤ ᠦᠭᠡᠶ ᠪᠢᠴᠢᠭ᠍ᠳᠤ ᠴᠢᠯᠠᠭᠤ

ᠳᠡᠦᠭᠡ ᠶᠢᠨ ᠨᠢᠯᠪᠣᠰᠤ ᠠᠷᠴᠢᠭᠰᠠᠨ ᠳᠤᠯᠤᠭᠠᠢ ᠦᠭᠡᠶ ᠭᠦᠮᠤᠨ ᠴᠢᠯᠠᠭᠤ

ᠴᠢᠩᠭᠢᠰ ᠵᠤᠷᠢᠭ ᠤᠨ ᠣᠬᠠᠭᠠᠨ ᠳᠤ ᠨᠡᠭᠦᠭ᠍ᠰᠡᠨ ᠪᠣᠳᠠᠷ ᠤᠨ ᠰᠢᠳᠠᠷ᠎ᠠ ᠴᠢᠯᠠᠭᠤ

ᠴᠠᠭᠠᠨ ᠮᠥᠩᠭᠦᠨ ᠤ ᠵᠤᠯᠢᠶᠠᠨ ᠳ᠋ᠤ ᠣᠨᠠᠭᠰᠠᠨ ᠣᠯᠠᠭᠠᠨ ᠨᠢᠳᠤᠨ ᠤ ᠴᠢᠯᠠᠭᠤ

ᠨᠠᠰᠤ ᠪᠠᠨ ᠪᠠᠷᠠᠭᠰᠠᠨ ᠴᠤ ᠨᠠᠷᠠᠳᠤ ᠳᠤ ᠥᠯᠡᠳᠡᠭᠦ ᠨᠠᠷ᠎ᠠ ᠨᠢ ᠭᠦᠷᠳᠡᠯ᠎ᠡ ᠴᠢᠯᠠᠭᠤ

ᠨᠠᠷ᠎ᠠ ᠡᠴᠡ ᠳᠦᠷᠦᠭᠦᠯᠡᠵᠤ ᠲᠦᠮᠡᠨ ᠳᠤ ᠳᠠᠭᠤᠷᠢᠰᠬᠤ ᠨᠤᠳᠤᠭ ᠨᠢ ᠪᠠᠰᠠ ᠴᠤ ᠴᠢᠯᠠᠭᠤ

ᠴᠡᠩᠭᠡᠷ ᠮᠠᠠᠳᠠᠯ ᠢ ᠴᠠᠭᠢᠭᠰᠠᠨ ᠵᠠᠪᠠ ᠲᠡᠶ ᠰᠤᠯᠢᠷ ᠴᠢᠯᠠᠭᠤ

ᠴᠡᠭᠡᠯ ᠤᠨ ᠣᠰᠤᠨ ᠢ ᠰᠢᠷᠭᠡᠭᠡᠭ᠍ᠰᠡᠨ ᠴᠠᠪᠠ ᠲᠡᠶ ᠴᠡᠭᠡᠨ ᠴᠢᠯᠠᠭᠤ

ᠢᠷᠠᠭᠤ ᠨᠠᠢ᠌ᠷᠠᠭᠴᠢ ᠶᠢᠨ ᠵᠢᠷᠦᠭᠡᠨ ᠳᠤ ᠪᠠᠳᠠᠭ ᠥᠷᠦᠭ᠍ᠰᠡᠨ ᠴᠢᠯᠠᠭᠤ

ᠶᠠᠭ ᠭᠡᠯᠡᠪᠠᠯ ᠳᠡᠯᠡᠭᠡᠢ ᠮᠢᠨᠢ ᠣᠰᠤ ᠲᠡᠶ ᠴᠡᠩᠭᠡᠷ ᠴᠢᠯᠠᠭᠤ︕

ᠵᠤᠬᠢᠶᠠᠭᠴᠢ᠄ ᠭᠠ᠊·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2949
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ