ᠨᠡᠪᠲᠡᠷᠡᠨ ᠤᠷᠤᠬᠤ
ᠴᠢᠮ᠎ᠠ ᠶᠢ ᠰᠠᠨᠠᠯ᠎ᠠ

ᠰᠠᠷᠠᠳᠠᠢ ᠰᠦᠨᠢ ᠶᠢᠨ ᠣᠳᠤᠳ ᠤᠨ ᠠᠨᠢᠪᠴᠠᠭᠠᠨ ᠳ᠋ᠤ

ᠰᠠᠢ᠌ᠬᠠᠨ ᠴᠢᠨᠤ ᠳᠤᠯᠠᠭᠠᠨ ᠬᠠᠷᠠᠴᠠᠨ ᠳᠤ ᠡᠪᠦᠯᠵᠢᠭᠦ ᠭᠡᠵᠤ

ᠰᠤᠷᠮᠤᠰᠤᠨ ᠳᠡᠭᠡᠭᠦᠷ ᠴᠠᠰᠤ ᠬᠠᠶᠠᠯᠠᠭᠤᠯᠵᠤ

ᠰᠡᠳᠭᠢᠯ ᠳᠤ ᠬᠠᠢ᠌ᠷ᠎ᠠ ᠢᠪᠢᠯᠡᠭᠦᠯᠤᠨ ᠪᠠᠢ᠌ᠯ᠎ᠠ

ᠴᠢᠮ᠎ᠠ ᠶᠢ ᠪᠠᠨ ᠪᠢ ᠰᠠᠨᠠᠯ᠎ᠠ

ᠴᠠᠰᠤᠳᠠᠢ ᠡᠪᠦᠯ ᠨᠢ ᠭᠦᠷᠳᠡᠯ᠎ᠡ ᠰᠦᠨᠢᠵᠢᠨ ᠰᠠᠨᠠᠯ᠎ᠠ

ᠣᠳᠤᠳᠠᠢ ᠰᠦᠨᠢ ᠶᠢᠨ ᠰᠠᠷᠠᠨ ᠤ ᠮᠦᠰᠢᠶᠠᠯ ᠵᠢᠠᠷ

ᠣᠷᠴᠢᠯᠠᠩ ᠳᠤ ᠬᠤᠶᠠᠭᠤᠯᠬᠠᠨ ᠵᠢᠷᠭᠠᠨ᠎ᠠ ᠭᠡᠵᠤ

ᠣᠴᠠᠷᠠᠯ ᠢᠷᠦᠭᠡᠯ ᠢᠳᠡᠭᠡᠨ ᠨᠠᠢ᠌ᠳᠠᠵᠤ

ᠣᠬᠠᠭᠠᠨ ᠳᠤ ᠪᠠᠨ ᠪᠢ ᠳᠠᠩᠭ᠋ᠠᠷᠢᠭ ᠥᠭᠡᠢ᠌ᠯᠡᠵᠤ ᠪᠠᠢ᠌ᠯ᠎ᠠ

ᠴᠢᠮ᠎ᠠ ᠶᠢ ᠪᠠᠨ ᠪᠢ ᠰᠠᠨᠠᠯ᠎ᠠ

ᠴᠠᠰᠤᠳᠠᠢ ᠡᠪᠦᠯ ᠨᠢ ᠭᠦᠷᠳᠡᠯ᠎ᠡ ᠰᠦᠨᠢᠵᠢᠨ ᠰᠠᠨᠠᠯ᠎ᠠ

ᠵᠤᠬᠢᠶᠠᠭᠴᠢ᠄ ᠰᠤ·ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3484
ᠴᠠᠭ᠄ 2009 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ