ᠨᠡᠪᠲᠡᠷᠡᠨ ᠤᠷᠤᠬᠤ
ᠣᠶᠤᠨ ᠤ ᠬᠠᠷᠭᠤᠢ ᠳ᠋ᠠᠭᠢ ᠣᠨᠠᠭᠠᠨ ᠳᠤᠷᠠᠳᠬᠠᠯ

ᠳᠤᠭᠤᠯ ᠤᠨ ᠪᠠᠯᠴᠢᠭᠡᠷ ᠲᠤ ᠮᠤᠳᠤ ᠣᠨᠤᠵᠤ

ᠳᠠᠤᠯᠠᠢ ᠣᠷᠭᠠᠳᠠᠳᠠᠭ ᠨᠢᠰᠤᠬᠠᠢ ᠭᠦᠤ

ᠭᠡᠭᠡᠷ᠎ᠡ ᠭᠠᠷᠴᠤ ᠭᠡᠳᠦᠭᠦᠯᠡ ᠨᠠᠭᠠᠳᠤᠭᠰᠠᠭᠠᠷ

ᠭᠡᠳᠤᠨ ᠬᠤᠳᠠ ᠬᠤᠨᠢ ᠪᠠᠨ ᠨᠡᠢ᠌ᠯᠡᠭᠦᠯᠴᠢᠭᠡᠭᠡᠳ

ᠠᠪᠣ ᠶᠢᠨ ᠠᠯᠠᠭ᠎ᠠ ᠪᠠᠷ 《ᠪᠣᠤᠪᠣ》 ᠭᠢᠴᠢᠭᠡᠭᠡᠳ

ᠠᠰᠬᠠᠨ ᠤ ᠬᠤᠨᠤᠭ ᠳᠤᠳᠠᠭᠤ ᠭᠦᠷᠳᠡᠵᠤ

ᠮᠠᠷᠭᠠᠰᠢ ᠥᠷᠯᠦᠭᠡ ᠨᠢ ᠰᠠᠢ᠌ᠭᠢ ᠪᠠᠨ ᠮᠠᠷᠳᠠᠵᠤ

ᠮᠠᠯ ᠤᠨ ᠶᠢᠡᠨ ᠪᠠᠯᠴᠢᠭᠡᠷ ᠲᠤ ᠳᠠᠭᠢᠨ ᠬᠠᠮᠳᠤᠷᠠᠵᠤ

ᠬᠤᠢ ᠲᠡᠶ ᠳᠠᠮᠠᠭᠢ ᠡᠴᠡ ᠨᠢ ᠬᠤᠯᠠᠭᠠᠢ᠌ᠯᠠᠵᠤ ᠳᠠᠳᠠᠭᠠᠤᠨ

ᠬᠤᠷᠤᠭᠤᠨ ᠤ ᠣᠷᠤᠮ ᠢ ᠬᠠᠴᠠᠷ ᠲᠤ ᠪᠠᠨ ᠥᠯᠡᠳᠡᠭᠡᠳᠡᠭ᠌

ᠠᠷᠭ᠎ᠠ ᠦᠭᠡᠶ ᠠᠯᠢᠶ᠎ᠠ ᠳᠡᠨᠡᠭ᠌

ᠳᠦᠭᠦᠭᠡ ᠦᠭᠡᠶ ᠳᠦᠭᠦᠭᠡᠢ ᠳᠠᠷᠢᠭᠢ ᠊᠊᠊᠊᠊᠊᠊᠊᠊᠊᠊᠊ ᠪᠢᠳᠠ ᠪᠠᠢ᠌ᠭᠰᠠᠨ

ᠭᠦᠳᠦᠰᠤᠨ ᠤ ᠥᠭᠡᠳᠡᠰᠤᠨ ᠳᠤ 《ᠮᠠᠮ᠎ᠠ》 ᠮᠠᠠᠴᠣᠢ᠌ᠯᠠᠭᠠᠤᠨ

ᠭᠦᠭ᠍ᠰᠢᠨ ᠨᠠᠰᠤᠳᠠᠨ ᠤ ᠪᠠᠨ ᠨᠠᠭᠠᠳᠤᠮ ᠪᠣᠯᠵᠤ

ᠠᠶᠠᠭ᠎ᠠ ᠰᠢᠯ ᠤᠨ ᠪᠠᠯᠪᠠᠷᠬᠠᠢ ᠴᠥᠮᠨᠡᠭᠡᠳ

ᠠᠢ᠌ᠯ ᠤᠨ ᠪᠦᠰᠡᠭᠦᠢ ᠶᠢᠨ ᠳᠦᠷᠢ ᠶᠢ ᠳᠤᠭᠯᠠᠵᠤ

ᠡᠷᠭᠢ ᠶᠢᠨ ᠢᠷᠤᠭᠠᠷ ᠳᠠᠭᠢ 《ᠭᠡᠷ ᠲᠤ ᠪᠠᠨ ᠶᠠᠭᠠᠷᠠᠭᠠᠤᠨ》

ᠡᠭᠡ ᠢᠰᠢᠭᠡ ᠶᠢ ᠨᠢ ᠨᠡᠢ᠌ᠯᠡᠭᠦᠯᠵᠤ ᠬᠶᠠᠴᠢᠬᠠᠭᠠᠤᠨ

ᠡᠵᠢ ᠶᠢᠨ ᠡᠳᠡᠷᠡᠩ ᠶᠢᠡᠷ 《ᠶᠠᠰᠢᠩ》 ᠭᠦᠷᠳᠡᠭᠡᠳ

ᠡᠷᠭᠢᠭᠦ ᠮᠠᠷᠭᠠᠰᠢ ᠰᠠᠢ᠌ᠭᠢ ᠪᠠᠨ ᠮᠠᠷᠳᠠᠴᠢᠬᠠᠭᠠᠤᠨ

ᠳᠠᠩᠬᠠᠭ ᠲᠡᠶ ᠰᠢᠭᠢᠷ ᠡᠴᠡ ᠨᠢ ᠨᠢᠭᠤᠵᠤ ᠭᠦᠪᠳᠡᠭ᠍ᠡᠤᠨ

ᠳᠠᠰᠢᠶᠠᠨ ᠳᠤ ᠪᠠᠨ ᠳᠠᠰᠢᠯᠭ᠎ᠠ ᠲᠡᠶ ᠥᠯᠡᠳᠡᠳᠡᠭ᠌

ᠣᠬᠠᠭ᠎ᠠ ᠦᠭᠡᠶ ᠣᠰᠤᠨ ᠳᠡᠨᠡᠭ᠌

ᠳᠦᠭᠦᠭᠡ ᠦᠭᠡᠶ ᠳᠦᠭᠦᠭᠡᠢ ᠳᠤᠯᠤᠭᠠᠢ ᠊᠊᠊᠊᠊᠊᠊᠊᠊᠊᠊᠊᠊᠊᠊᠊᠊ ᠪᠢᠳᠠ ᠪᠠᠢ᠌ᠭᠰᠠᠨ

1

ᠠᠭᠤᠤ ᠨᠠᠮ ᠤᠨ ᠬᠠᠢ᠌ᠷ᠎ᠠ ᠬᠠᠯᠠᠮᠵᠢᠯᠠᠯ ᠵᠢᠠᠷ

ᠠᠪᠣ ᠡᠵᠢ ᠶᠢᠨ ᠬᠠᠳᠠᠭᠤ ᠱᠠᠭᠠᠷᠳᠠᠯᠭ᠎ᠠ ᠪᠠᠷ

ᠣᠨᠤᠳᠠᠭ 《ᠠᠭᠳᠠ》 ᠪᠠᠨ ᠵᠠᠯᠠᠵᠤ ᠬᠠᠶᠠᠭᠠᠤᠨ

ᠡᠭᠦᠷᠳᠡᠭ᠌ 《ᠮᠠᠮ᠎ᠠ》 ᠪᠠᠨ ᠮᠠᠷᠳᠠᠵᠤ ᠣᠷᠭᠢᠭᠠᠤᠨ

ᠨᠢᠰᠤᠨ ᠳᠤ ᠪᠠᠨ ᠠᠷᠠᠢ ᠵᠥᠪᠯᠡᠳᠡᠭ᠌ ᠪᠣᠯᠵᠠᠭᠠᠵᠤ

ᠨᠢᠷᠤᠭᠤᠨ ᠳᠤ ᠪᠠᠨ ᠪᠢᠴᠢᠬᠠᠨ ᠪᠣᠭᠴᠤ ᠮᠥᠷᠦᠯᠡᠴᠡᠭᠡᠭᠡᠳ

ᠠᠷᠪᠠ ᠳᠠᠪᠣᠭᠤᠯᠠ ᠨᠠᠢ᠌ᠯᠠᠨ ᠬᠠᠮᠳᠤᠷᠴᠤ

ᠠᠷᠠᠤᠨ ᠤᠨ ᠰᠤᠷᠭᠠᠭᠤᠯᠢ ᠳᠤ ᠣᠷᠤᠬᠤ ᠳᠤ ᠪᠠᠨ

ᠡᠨ ᠶᠢᠨ ᠠᠴᠤᠭ ᠢ ᠠᠷᠤ ᠳ᠋ᠤᠨᠢ ᠭᠠᠷᠭᠠᠴᠢᠬᠠᠭᠠᠤᠨ

ᠠᠷᠪᠠ ᠶᠢᠨ ᠳᠡᠭ᠌ ᠢ ᠡᠮᠦᠨ᠎ᠡ ᠨᠢ ᠪᠢᠴᠢᠴᠢᠭᠡᠭᠡᠳ

ᠡᠵᠢ ᠪᠠᠨ ᠰᠠᠨᠠᠭᠠᠤᠨ ᠡᠩᠰᠡᠷᠡᠳᠡᠭ᠌ ᠴᠤ ᠪᠠᠢ᠌ᠯ᠎ᠠ

ᠠᠪᠣ ᠶᠢ ᠪᠠᠨ ᠮᠥᠷᠦᠭᠡᠳᠡᠭᠡᠳ ᠠᠰᠬᠠᠷᠠᠭᠤᠯᠳᠠᠭ ᠴᠤ ᠪᠠᠢ᠌ᠭᠰᠠᠨ

ᠰᠢᠷᠡᠭᠡᠨ ᠤ ᠪᠠᠨ ᠭᠦᠯ ᠶᠢᠡᠷ ᠫᠣᠤ ᠭᠢᠴᠢᠭᠡᠭᠡᠳ

ᠰᠢᠳᠠᠮᠰᠤᠨ ᠤ ᠳᠠᠰᠤᠷᠬᠠᠢ ᠪᠠᠷ ᠣᠭᠤᠰᠤᠷ ᠭᠢᠴᠢᠭᠡᠭᠡᠳ

ᠰᠠᠢ᠌ᠨ ᠮᠠᠭᠤ ᠬᠤᠶᠠᠷ ᠡᠳᠡᠭᠡᠳ ᠬᠤᠪᠢᠶᠠᠯᠴᠠᠭᠠᠤᠨ

ᠰᠢᠪᠠᠷ ᠴᠢᠯᠠᠭᠤ ᠪᠠᠷ 《ᠪᠠᠢ᠌ᠯᠳᠤᠳᠠᠭ》 ᠴᠤ ᠪᠠᠢ᠌ᠭᠰᠠᠨ

ᠭᠡᠳᠡᠰᠤᠨ ᠥᠯᠦᠰᠭᠦ ᠳᠤ ᠪᠠᠨ ᠭᠡᠷ ᠶᠢᠡᠨ ᠰᠠᠨᠠᠭᠠᠤᠨ

ᠭᠡᠷ ᠡᠴᠡ ᠶᠠᠪᠣᠭᠤᠯᠤᠭᠰᠠᠨ ᠶᠢᠡᠨ ᠬᠤᠪᠢᠶᠠᠯᠴᠠᠵᠤ ᠠᠮᠰᠠᠭᠠᠤᠨ

ᠳᠠᠪᠤᠨ ᠵᠢᠯ ᠢ ᠥᠶᠡᠷᠭᠡᠵᠤ ᠥᠩᠭᠡᠷᠡᠭᠡᠭᠡᠳ

ᠳᠠᠩᠨᠠᠢ ᠶᠢᠨ ᠠᠳᠤᠷᠢᠶ᠎ᠠ ᠰᠢᠭ ᠳᠤᠳᠤᠨᠤ ᠪᠣᠯᠤᠯᠴᠠᠭᠰᠠᠨ

2

ᠰᠤᠶᠤᠯ ᠤᠨ ᠪᠠᠯ ᠤᠨ ᠠᠮᠳᠠ ᠶᠢ ᠥᠨᠦᠷᠳᠡᠭᠡᠳ

ᠰᠤᠷᠭᠤᠭ ᠰᠠᠢ᠌ᠬᠠᠨ ᠰᠢᠮ᠎ᠠ ᠶᠢ ᠨᠢ ᠭᠦᠷᠳᠡᠭᠦ ᠭᠡᠳ

ᠳᠤᠮᠳᠠᠳᠤ ᠰᠤᠷᠭᠠᠭᠤᠯᠢ ᠶᠢᠨ ᠪᠣᠱᠤᠭᠠᠨ ᠳᠡᠭᠡᠷ᠎ᠡ

ᠳᠦᠴᠢᠨ ᠵᠢᠷᠭᠤᠭᠠᠭᠤᠯᠠ ᠭᠠᠨᠵᠤᠭ᠎ᠠ ᠨᠡᠢ᠌ᠯᠡᠭᠦ ᠳ᠋ᠤ

ᠢᠰᠡᠭᠡᠢ ᠪᠠᠯᠪᠠᠡᠭ᠌ ᠳᠡᠪᠢᠰᠭᠡᠷ ᠲᠡᠶ ᠴᠤ ᠪᠠᠢ᠌ᠭᠰᠠᠨ

ᠢᠷᠭᠡ ᠶᠢᠨ ᠠᠷᠠᠰᠤᠨ ᠦᠮᠦᠳᠦ ᠲᠡᠶ ᠴᠤ ᠪᠠᠢ᠌ᠭᠰᠠᠨ

ᠬᠠᠷ᠎ᠠ ᠳᠠᠷᠠᠰᠤᠨ ᠦᠴᠢᠳᠠᠨ ᠴᠤ ᠪᠠᠢ᠌ᠯ᠎ᠠ

ᠬᠠᠮᠵᠢᠭ ᠳᠠᠳᠠᠭᠰᠠᠨ ᠭᠤᠳᠤᠯᠳᠠᠨ ᠴᠤ ᠪᠠᠢ᠌ᠭᠰᠠᠨ

ᠡᠷᠳᠡᠨᠢ ᠰᠢᠰᠢ ᠶᠢᠨ ᠪᠠᠠᠳᠠᠩ ᠴᠤ ᠣᠤᠭᠤᠯ᠎ᠠ

ᠡᠯᠵᠢᠭᠡᠨ ᠤ ᠰᠠᠷᠠᠪᠴᠢ (ᠺᠠᠷ᠎ᠠ) ᠪᠠᠢ᠌ᠷᠠᠨ ᠳᠤ ᠴᠤ ᠰᠠᠭᠤᠯ᠎ᠠ

ᠠᠭᠤᠯᠠᠨ ᠳᠤ ᠭᠠᠷᠴᠤ ᠳᠦᠯᠡᠭᠡ ᠴᠤ ᠳᠡᠭᠦᠯ᠎ᠡ

ᠠᠷᠠᠤᠨ ᠲᠤ ᠳᠠᠮᠵᠢᠵᠤ ᠳᠠᠷᠢᠶ᠎ᠠ ᠴᠤ ᠬᠠᠳᠤᠯ᠎ᠠ

ᠳᠠᠷᠢᠶᠠᠨ ᠤ ᠭᠠᠵᠠᠷ ᠶᠢᠡᠷ ᠨᠢᠭᠤᠯᠴᠠᠵᠤ ᠳᠠᠮᠵᠢᠨ

ᠳᠠᠷᠢᠮᠠᠯ ᠮᠤᠳᠤᠳ ᠶᠢᠡᠷ ᠳᠤᠭᠤᠷᠢᠵᠤ ᠡᠷᠭᠢᠴᠢᠭᠡᠳ

ᠳᠠᠨᠢᠯ ᠠᠮᠷᠠᠭ ᠪᠣᠯᠵᠤ ᠪᠣᠢ ᠭᠡᠳ

ᠳᠠᠨᠤᠭ ᠶᠢᠡᠨ ᠪᠠᠷᠠᠨ ᠳᠡᠨᠦᠭᠦᠴᠢᠯᠡᠳᠡᠭ᠌ ᠴᠤ ᠪᠠᠢ᠌ᠯ᠎ᠠ

ᠡᠳᠦᠷ ᠨᠢ ᠭᠡᠳᠦᠭᠦᠯᠡ ᠵᠤᠳᠤᠯᠳᠠᠵᠤ ᠣᠷᠭᠢᠭᠠᠤᠨ

ᠪᠠᠭᠰᠢ ᠡᠴᠡ ᠪᠠᠨ ᠰᠢᠭᠦᠮᠵᠢᠯᠡᠯ ᠭᠦᠷᠳᠡᠵᠤ

ᠣᠷᠤᠢ ᠨᠢ ᠭᠡᠳᠦᠭᠦᠯᠡ ᠡᠪᠦᠷᠯᠡᠳᠡᠵᠤ ᠣᠠᠳᠠᠭᠠᠤᠨ

ᠪᠠᠠᠳᠠᠩ ᠮᠠᠠᠳᠤᠤ ᠪᠠᠨ ᠬᠤᠪᠢᠶᠠᠯᠴᠠᠳᠠᠭ ᠴᠤ ᠪᠠᠢ᠌ᠭᠰᠠᠨ

ᠵᠢᠠᠠᠰᠠᠭᠠᠤᠨ ᠭᠠᠷᠪᠠᠯ ᠴᠡᠷᠢᠭ᠌ ᠰᠢᠭ᠌ ᠵᠢᠷᠤᠮ ᠳᠠᠢ

ᠵᠡᠷᠭᠡᠴᠡᠭᠡᠳ ᠰᠠᠭᠤᠪᠠᠯ ᠰᠤᠷᠤᠭᠴᠢ ᠶᠢᠨ ᠮᠤᠷᠠᠯ ᠳᠠᠢ

ᠠᠯᠢ ᠨᠢᠭᠡ ᠶᠢ ᠪᠠᠨ ᠴᠤ ᠭᠤᠯᠤᠭᠰᠠᠨ ᠥᠭᠡᠢ

ᠠᠠᠳᠠ ᠶᠢᠨ ᠵᠢᠷᠤᠮ ᠶᠢᠡᠷ ᠳᠤᠳᠤᠨᠤ ᠶᠠᠪᠣᠯᠴᠠᠭᠰᠠᠨ

3

ᠣᠶᠤᠨ ᠤ ᠬᠠᠷᠭᠤᠢ ᠪᠠᠨ ᠦᠷᠭᠡᠳᠭᠡᠭᠦ ᠭᠡᠵᠤ

ᠣᠬᠠᠭᠠᠨ ᠪᠢᠯᠢᠭ᠌ ᠶᠢᠠᠨ ᠰᠤᠷᠢᠬᠤ ᠭᠡᠵᠤ

ᠪᠠᠶᠠᠨ ᠭᠤᠤᠯ ᠤᠨ ᠳᠠᠠᠵᠢᠨ ᠳᠡᠭᠡᠷ᠎ᠡ

ᠪᠠᠭᠰᠢ ᠶᠢᠨ ᠰᠤᠷᠭᠠᠭᠤᠯᠢ ᠳᠤ ᠣᠷᠤᠯ᠎ᠠ

ᠭᠤᠴᠢᠨ ᠭᠤᠷᠪᠠᠭᠤᠯᠠ ᠵᠢᠭᠦᠷ ᠶᠢᠡᠨ ᠬᠤᠯᠪᠣᠭᠠᠤᠨ

ᠭᠤᠷᠪᠠᠨ ᠵᠢᠯ ᠢ ᠣᠷᠮ᠎ᠠ ᠲᠡᠶ ᠥᠩᠭᠡᠷᠡᠭᠡᠭᠦ ᠳᠤ ᠪᠠᠨ

ᠢᠷᠡᠭᠦ ᠵᠠᠭᠤᠨ ᠶᠢᠡᠨ ᠣᠭᠳᠤᠵᠤ ᠠᠪᠬᠤ ᠭᠡᠳ

ᠢᠳᠡᠭᠡᠯ ᠨᠢᠭᠡᠳᠡᠢ ᠰᠤᠷᠤᠯᠴᠠᠵᠤ ᠶᠠᠪᠣᠬᠤ ᠳᠤ ᠪᠠᠨ

ᠬᠤᠶᠠᠷ ᠭᠤᠷᠪᠠᠭᠤᠯᠠ ᠨᠠᠢ᠌ᠯᠠᠵᠤ ᠬᠠᠮᠳᠤᠷᠠᠭᠠᠤᠨ

ᠬᠤᠭᠤᠯᠠᠨ ᠳᠡᠮᠳᠡᠭ᠌ ᠶᠢᠡᠨ ᠬᠤᠭᠤᠰᠤᠯᠠᠵᠤ ᠬᠠᠶᠠᠭᠠᠤᠨ

ᠬᠤᠳᠤᠭᠠᠳᠤ ᠪᠠᠭᠠᠳᠠᠢ ᠡᠮᠡᠭ᠍ᠳᠡᠢ ᠨᠥᠭᠦᠤᠨ ᠡᠴᠡ ᠪᠠᠨ

ᠬᠤᠭᠤᠯᠠᠨ ᠳᠡᠮᠳᠡᠭ᠌ ᠢ ᠨᠢ ᠵᠢᠭᠡᠯᠡᠵᠤ ᠠᠪᠣᠭᠠᠤᠨ

ᠰᠠᠷ᠎ᠠ ᠶᠢᠨ ᠡᠭᠢᠨ ᠳᠤ ᠰᠠᠢ᠌ᠨ ᠥᠭᠡ ᠲᠡᠶ ᠪᠣᠴᠠᠭᠠᠵᠤ

ᠰᠠᠷ᠎ᠠ ᠶᠢᠨ ᠳᠤᠮᠳᠠᠴᠢ ᠪᠠᠷ ᠰᠠᠢ᠌ᠭᠢ ᠪᠠᠨ ᠳᠠᠭᠢᠨ ᠵᠢᠭᠡᠯᠡᠭᠡᠳ

ᠮᠢᠬ᠎ᠠ ᠱᠦᠯᠦ ᠲᠡᠶ ᠶᠢ ᠨᠢ ᠰᠢᠯᠢᠰᠭᠡᠵᠤ ᠢᠳᠡᠭᠡᠳ

ᠮᠢᠶᠠᠠᠳᠢᠤᠷ ᠪᠣᠳᠠᠭ᠎ᠠ ᠶᠢ ᠨᠢ ᠭᠤᠯᠤᠰᠭᠢᠵᠤ ᠣᠷᠭᠢᠭᠠᠤᠨ

ᠵᠢᠶᠤᠤ ᠮᠥᠩᠭᠦ ᠪᠠᠨ ᠨᠡᠢ᠌ᠯᠡᠭᠦᠯᠤᠨ ᠪᠠᠢ᠌ᠵᠤ

ᠵᠢᠩ ᠠᠷᠢᠭᠢ ᠳᠤ ᠪᠠᠨ ᠮᠠᠭᠤᠬᠠᠨ ᠵᠦᠪᠯᠠᠪᠠᠴᠤ

ᠵᠤᠤᠬ᠎ᠠ ᠪᠠᠨ ᠳᠤᠭᠤᠷᠢᠨ ᠪᠠᠶᠠᠷᠳᠠᠢ ᠰᠠᠭᠤᠵᠠᠭᠠᠵᠤ

ᠵᠤᠭᠤᠭ ᠵᠠᠩᠭᠢ ᠪᠠᠨ ᠳᠡᠯᠭᠡᠯᠴᠡᠳᠡᠭ᠌ ᠴᠤ ᠪᠠᠢ᠌ᠭᠰᠠᠨ

ᠭᠠᠯ ᠤᠨ ᠬᠠᠢ᠌ᠴᠢ ᠪᠠᠨ ᠬᠠᠯᠠᠭᠠᠵᠤ ᠪᠠᠢ᠌ᠭᠠᠤᠨ

ᠭᠡᠵᠢᠭᠡ ᠦᠰᠦ ᠪᠠᠨ ᠠᠳᠠᠢ᠌ᠯᠭᠠᠳᠠᠭ ᠴᠤ ᠪᠠᠢ᠌ᠯ᠎ᠠ

ᠪᠦᠷᠢᠶᠡᠨ ᠦᠮᠦᠳᠦᠨ ᠤ ᠪᠠᠨ ᠰᠢᠷᠬᠤᠨᠠᠭ ᠢ ᠨᠢ ᠭᠡᠢ᠌ᠰᠭᠡᠳᠡᠯ᠎ᠡ

ᠪᠦᠵᠢᠭ᠌ ᠤᠨ ᠠᠶ᠎ᠠ ᠪᠠᠷ ᠳᠡᠷᠪᠠᠳᠡᠭ᠌ ᠴᠤ ᠪᠠᠢ᠌ᠭᠰᠠᠨ

4

ᠠᠠᠳᠠ ᠶᠢᠨ ᠵᠢᠷᠤᠮ ᠠᠷᠢᠭᠤᠨ ᠨᠥᠭᠦᠷᠯᠡᠯ

ᠠᠮᠢᠳᠤᠷᠠᠯ ᠤᠨ ᠵᠠᠮ ᠤᠨ ᠳᠤᠷᠠᠳᠬᠠᠯ ᠪᠣᠯᠵᠤ

ᠠᠷᠪᠠᠨ ᠵᠢᠯ ᠤᠨ ᠰᠤᠷᠤᠯᠭ᠎ᠠ ᠶᠢᠨ ᠠᠮᠢᠳᠤᠷᠠᠯ

ᠠᠶᠠᠨ ᠵᠠᠮ ᠤᠨ ᠵᠢᠯᠤᠭᠤ ᠪᠣᠯᠤᠭᠰᠠᠨ ᠡᠴᠡ

ᠠᠯᠪᠠᠨ ᠰᠢᠷᠡᠭᠡ ᠲᠡᠶ ᠨᠤᠶᠠᠨ ᠴᠤ ᠭᠠᠷᠤᠯ᠎ᠠ

ᠠᠮᠪᠠᠨ ᠢᠷᠭᠡ ᠲᠡᠶ ᠮᠠᠯᠴᠢᠨ ᠴᠤ ᠭᠠᠷᠤᠯ᠎ᠠ

ᠪᠠᠭᠠᠴᠤᠳ ᠢ ᠰᠤᠷᠭᠠᠭᠴᠢ ᠪᠠᠭᠰᠢ ᠴᠤ ᠭᠠᠷᠤᠯ᠎ᠠ

ᠪᠠᠷᠢᠯᠭ᠎ᠠ ᠮᠡᠷᠭᠡᠵᠢᠯ ᠤᠨ ᠴᠢᠳᠠᠪᠣᠷᠢᠳᠠᠨ ᠴᠤ ᠭᠠᠷᠤᠯ᠎ᠠ

ᠠᠷᠠᠤᠨ ᠤᠨ ᠴᠡᠷᠢᠭ᠌ ᠤᠨ ᠳᠠᠷᠤᠭ᠎ᠠ ᠴᠤ ᠭᠠᠷᠤᠯ᠎ᠠ

ᠠᠷᠠᠯᠵᠢᠶ᠎ᠠ ᠬᠤᠳᠠᠯᠳᠤᠭᠠᠨ ᠤ ᠣᠢ᠌ᠯᠠᠰᠴᠢᠨ ᠴᠤ ᠭᠠᠷᠤᠯ᠎ᠠ

ᠰᠤᠨᠢᠨ ᠰᠡᠳᠭᠦᠯ ᠤᠨ ᠨᠠᠢ᠌ᠷᠠᠭᠤᠯᠤᠭᠴᠢ ᠴᠤ ᠭᠠᠷᠤᠯ᠎ᠠ

ᠰᠤᠳᠤᠨ ᠪᠦᠳᠦᠭᠡᠯ ᠲᠡᠶ ᠣᠷᠠᠯᠢᠭᠴᠢᠨ ᠴᠤ ᠭᠠᠷᠤᠯ᠎ᠠ

ᠮᠤᠳᠤ ᠠᠯᠠᠪᠳᠠᠳᠠᠭ ᠨᠢᠰᠤᠬᠠᠢ ᠭᠦᠪᠠᠭᠦᠤᠨ

ᠮᠠᠰᠢᠨ ᠳᠡᠷᠭᠡ ᠪᠠᠷ ᠳᠠᠪᠭᠢᠭᠤᠯᠳᠠᠭ ᠴᠤ ᠪᠣᠯᠤᠯ᠎ᠠ

《ᠮᠠᠮ᠎ᠠ ᠮᠠᠠᠴᠣᠢ᠌ᠯᠳᠠᠭ》 ᠨᠤᠮᠤᠢ ᠭᠡᠦᠭᠡᠡᠴᠦᠳ

ᠮᠠᠠᠳᠠᠭᠠᠷ ᠴᠠᠭᠠᠨ ᠭᠦᠤ ᠲᠡᠶ ᠴᠤ ᠪᠣᠯᠤᠯ᠎ᠠ᠃

ᠳᠦᠴᠢᠨ ᠨᠠᠰᠤᠨ ᠤ ᠪᠠᠨ ᠳᠦᠷᠦᠭᠡ ᠬᠠᠷᠰᠢᠭᠤᠯᠵᠤ

ᠳᠦᠷᠪᠡᠨ ᠵᠥᠭ᠌ ᠲᠡᠭᠡᠨ ᠭᠢᠯᠠᠷᠠᠭᠤᠯᠵᠤ ᠶᠠᠪᠣᠭ᠎ᠠ

ᠨᠢ᠋ᠮᠠᠨ ᠵᠥᠭ᠌ ᠤᠨ ᠬᠤᠨ ᠰᠢᠭ

ᠨᠠᠢ᠌ᠵᠠ ᠨᠥᠭᠦᠤᠨ ᠪᠢᠳᠠᠨᠠᠷ ᠊ᠤᠨ

ᠴᠠᠢ᠌ᠳᠠᠮ ᠤᠨ ᠳᠠᠯ᠎ᠠ ᠰᠢᠭ ᠵᠢᠠᠨ

ᠰᠠᠷᠠᠭᠤᠯ ᠣᠬᠠᠭᠠᠨ ᠳᠤᠳᠤᠷᠠᠬᠤ ᠪᠣᠯᠳᠤᠭᠠᠢ

ᠴᠠᠰᠤᠳᠤ ᠶᠢᠨ ᠣᠷᠭᠢᠯ ᠰᠢᠭ ᠵᠢᠠᠨ

ᠨᠠᠰᠤᠨ ᠰᠡᠭᠦᠳᠡᠷ ᠥᠡᠳᠦᠷᠰᠢᠭᠦ ᠪᠣᠯᠳᠤᠭᠠᠢ

ᠴᠠᠢ᠌ᠷᠬᠠᠨ ᠤ ᠳᠠᠪᠣᠰᠤ ᠰᠢᠭ ᠵᠢᠠᠨ

ᠠᠵᠤ ᠠᠮᠢᠳᠤᠷᠠᠯ ᠳᠡᠪᠠᠷᠡᠩᠭᠦᠢ ᠪᠣᠯᠳᠤᠭᠠᠢ

ᠴᠠᠢ᠌ᠳᠠᠮ ᠤᠨ ᠬᠤᠳᠤᠭᠤᠷ ᠰᠢᠭ ᠵᠢᠠᠨ

ᠡᠯᠪᠠᠭ᠌ ᠪᠣᠶᠠᠨ ᠳᠡᠭᠡᠳᠦᠯᠡᠭᠦ ᠪᠣᠯᠳᠤᠭᠠᠢ

ᠬᠦᠬᠡ‍ᠨᠠᠭᠤᠷ ᠰᠢᠭ᠌ ᠵᠢᠠᠨ

ᠭᠦᠰᠡᠯ ᠳᠦᠭᠦᠷᠡᠩ ᠮᠡᠯᠳᠡᠭᠡᠨᠡᠭᠦ ᠪᠣᠯᠳᠤᠭᠠᠢ

ᠺᠦᠡᠯᠤᠨ ᠠᠭᠤᠯᠠ ᠰᠢᠭ ᠵᠢᠠᠨ

ᠭᠦᠭᠡ ᠳᠤᠭ ᠲᠠᠭᠠᠨ ᠳᠦᠰᠢᠭ᠌ ᠪᠣᠯᠳᠤᠭᠠᠢ

ᠬᠠᠳᠠᠨ ᠭᠤᠤᠯ ᠰᠢᠭ ᠵᠢᠠᠨ

ᠬᠠᠢ᠌ᠷ᠎ᠠ ᠢᠨᠠᠭ ᠶᠢᠡᠷ ᠪᠢᠯᠬᠠᠷᠠᠬᠤ ᠪᠣᠯᠳᠤᠭᠠᠢ

ᠬᠠᠷᠠᠭᠠᠢ ᠽᠠᠠᠳᠠᠨ ᠰᠢᠭ ᠵᠢᠠᠨ

ᠨᠠᠷ᠎ᠠ ᠲᠦᠷᠦ ᠮᠠᠨᠢ ᠮᠥᠩᠭᠡᠷᠡᠭᠦ ᠪᠣᠯᠳᠤᠭᠠᠢ︕


2007.6.20

ᠵᠤᠬᠢᠶᠠᠭᠴᠢ᠄ ᠴ·ᠴᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2878
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ