☆ ᠳ᠋·ᠲᠦᠮᠡᠠᠰᠠᠩ
ᠤᠴᠢᠷ ᠲᠡᠶ ᠨᠢᠭᠡᠨ ᠱᠠᠭ᠎ᠠ
ᠱᠠᠭ᠎ᠠ ᠬᠠᠶᠠᠯᠴᠠᠬᠤ ᠪᠦᠷᠢ
ᠴᠢ
ᠱᠠᠯᠠᠮᠠᠭᠠᠢ ᠣᠷᠠᠨ ᠭᠠᠷ ᠶᠢᠡᠷ ᠶᠢᠡᠨ
ᠱᠥᠭᠦᠳᠡᠭ᠌ ᠪᠠᠢ᠌ᠯ᠎ᠠ ᠰᠢᠤ᠂ ᠨᠠᠮᠢ᠋ᠢ
ᠬᠤᠷᠤᠰᠬᠤ ᠳᠤ ᠪᠠᠨ ᠪᠢ
ᠬᠤᠯᠠ ᠰᠢᠳᠡᠴᠢᠭᠡᠳᠡᠭ᠌ ᠡ
ᠬᠤᠶᠠᠭᠤᠯᠠ ᠶᠢᠨ ᠳᠤᠮᠳᠠ
ᠨᠢᠭᠡ ᠱᠠᠭ᠎ᠠ ᠭᠢᠯᠢᠰᠳᠡᠳᠡᠭ᠌ ᠪᠠᠢ᠌ᠯ᠎ᠠ ᠰᠢᠤ
ᠭᠡᠳᠦᠢ ᠡᠷᠢᠭ᠍ᠰᠡᠨ ᠴᠤ ᠣᠯᠵᠤ ᠳᠡᠢ᠌ᠯᠭᠦ ᠦᠭᠡᠶ
ᠭᠡᠪᠠᠷᠢᠭ᠍ᠭᠡᠨ ᠨᠢᠯᠪᠣᠰᠤ ᠪᠠᠨ ᠴᠢ ᠳᠤᠭᠣᠢ᠌ᠬᠠᠨ ᠠᠷᠴᠢᠬᠤ ᠳᠤ
ᠭᠦᠭᠡᠷᠦᠭᠦᠢ᠌ᠯᠡᠨ ᠰᠠᠨᠠᠵᠤ ᠪᠢ
ᠬᠠᠷᠠᠮᠰᠠᠳᠠᠭ ᠪᠠᠢ᠌ᠯ᠎ᠠ ᠰᠢᠤ
ᠮᠠᠷᠭᠠᠰᠢ ᠨᠢ ᠪᠣᠯᠬᠤ ᠳᠤ
ᠳᠠᠪᠤᠨ ᠱᠠᠭ᠎ᠠ ᠪᠦᠷᠢᠳᠦᠭᠦᠯᠴᠢᠭᠡᠭᠡᠳ
ᠮᠠᠭᠤᠬᠠᠢ ᠠᠭᠠᠰᠢᠯᠠᠭᠰᠠᠨ ᠥᠴᠦᠭᠡᠳᠦᠷ ᠤᠨ ᠣᠴᠢᠷ ᠶᠢᠡᠨ
ᠮᠠᠷᠳᠠᠴᠢᠬᠠᠭᠰᠠᠨ ᠶᠤᠮ ᠰᠢᠭ
ᠳᠤᠭᠯᠠᠳᠠᠭ ᠪᠠᠢ᠌ᠯ᠎ᠠ ᠰᠢᠤ
᠁᠁
ᠴᠤᠬᠤᠮ ᠭᠡᠵᠢᠶ᠎ᠡ ᠴᠤ ᠶᠤᠮ ᠪᠢᠯᠠ
ᠴᠤᠩᠬᠤ ᠨᠡᠭᠡᠭᠡᠯᠳᠡᠳᠡᠢ
ᠰᠠᠷᠠᠨ ᠳᠡᠷᠭᠡᠯ ᠪᠠᠢ᠌ᠭᠰᠠᠨ
ᠡᠢ᠌ᠮᠤ ᠯᠠ ᠰᠠᠢ᠌ᠬᠠᠨ
ᠵᠠᠯᠠᠭᠤ ᠨᠠᠰᠤᠨ ᠤ ᠦᠳᠡᠰᠢ
ᠥᠢᠮᠡᠭᠡᠨ ᠦᠭᠡᠶ
ᠨᠠᠮ ᠨᠠᠮᠤᠭᠤᠬᠠᠨ ᠦᠳᠡᠰᠢ
ᠴᠢ ᠨᠠᠮᠢ᠋ᠢ ᠰᠡᠮᠡᠭᠡᠷᠭᠡᠨ ᠳᠠᠭᠤᠳᠠᠯ᠎ᠠ
ᠴᠢᠯᠠᠭᠤᠳᠠᠭᠰᠠᠨ ᠳᠠᠷᠠ ᠱᠠᠭ᠎ᠠ ᠪᠠᠨ
ᠡᠷᠢᠭᠦ ᠪᠠᠷ ᠶᠠᠪᠣᠶ᠎ᠠ
ᠡᠷᠢᠭᠦ ᠪᠠᠷ ᠶᠠᠪᠣᠶ᠎ᠠ ᠭᠡᠯᠡ ᠁
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2673
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ