☆ ᠪᠣᠷᠵᠢᠭᠢᠨ ᠬᠠᠰ
ᠭᠡᠪᠢᠵᠤ ᠪᠠᠢ᠌ᠭ᠎ᠠ ᠥᠭᠡᠷ ᠢᠮᠠᠭ᠎ᠠ
ᠭᠡᠪᠢᠵᠤ ᠪᠠᠢ᠌ᠭ᠎ᠠ ᠥᠭᠡᠷ ᠢᠮᠠᠭ᠎ᠠ
ᠥᠭᠡᠷ ᠢᠮᠠᠭ᠎ᠠ
ᠦᠳᠦᠷᠮ᠎ᠠ ᠶᠢᠨ ᠬᠠᠰᠢᠶᠠᠨ ᠳ᠋ᠤ
ᠥᠷᠭᠦᠯᠵᠢ ᠶᠢᠨ ᠴᠢᠨᠠᠷᠳᠠᠢ ᠬᠤᠷᠢᠭᠳᠠᠭᠰᠠᠨ ᠡᠴᠡ
ᠣᠷᠭᠤᠮᠠᠯ ᠪᠠᠯᠴᠢᠭᠡᠷ ᠶᠢᠡᠨ ᠵᠡᠭᠦᠳᠦᠯᠡᠵᠤ
ᠣᠷᠮ᠎ᠠ ᠦᠭᠡᠶ ᠪᠠᠷ ᠭᠡᠪᠳᠡᠵᠤ ᠭᠡᠪᠢᠭ᠍ᠰᠡᠨ ᠢ ᠊᠊᠊᠊᠊᠊᠊᠊᠊᠊᠊᠊᠊᠊᠊
ᠥᠭᠦᠳᠡᠯ ᠰᠠᠷᠢᠭᠠᠯᠠᠬᠤ ᠮᠠᠢ᠌ᠮᠠᠢ᠌ᠴᠢᠨ ᠣᠯᠵᠤ ᠥᠵᠡᠭᠡᠳ
《ᠣᠭᠰᠢᠵᠤ ᠪᠦᠭᠡᠯᠵᠢᠭ᠍ᠰᠡᠨ ᠵᠢᠠᠨ
ᠦᠯ ᠪᠣᠯᠭᠠᠨ ᠵᠠᠵᠢᠯᠠᠵᠤ
ᠣᠭ ᠤᠨ ᠵᠠᠮ ᠶᠢᠡᠷ ᠨᠢ ᠵᠠᠯᠭᠢᠨ ᠣᠷᠤᠭᠤᠯᠤᠯ᠎ᠠ》 ᠭᠡᠵᠤ
ᠦᠯᠦᠰᠴᠤ ᠳᠤᠠᠳᠠᠷᠠᠬᠤ ᠶᠢᠨ ᠳᠣᠢ᠌ᠯ ᠁
ᠦᠯᠪᠠᠷᠴᠤ ᠮᠠᠳᠠᠢ᠌ᠬᠤ ᠰᠤᠪᠢᠩ ᠭᠡᠵᠤ ᠁
ᠣᠴᠠᠷᠠᠭᠰᠠᠨ ᠪᠣᠯᠭᠠᠨ ᠳᠤ ᠳᠠᠪᠠᠯᠠᠵᠤ
ᠠᠭᠤᠯᠵᠠᠭᠰᠠᠨ ᠪᠣᠯᠭᠠᠨ ᠳᠤ ᠳᠤᠭᠤᠭᠢᠯᠠᠵᠤ
ᠦᠯᠭᠢᠴᠤᠳ ᠤᠨ ᠴᠠᠭ ᠨᠢ ᠳᠤᠯᠵᠤ
ᠥᠭᠡᠳᠡᠯᠡᠵᠤ ᠣᠯᠵᠠᠷᠠᠬᠤ ᠶᠢᠨ ᠲᠤᠬᠢᠶᠠᠯ ᠮᠢᠨᠢ ᠢᠷᠠᠯ᠎ᠠ ᠭᠡᠮᠡᠨ ᠪᠠᠶᠠᠷᠯᠠᠨ᠎ᠠ᠃
ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ