ᠨᠡᠪᠲᠡᠷᠡᠨ ᠤᠷᠤᠬᠤ
ᠡᠮᠡᠭᠡᠯ ᠳᠡᠭᠡᠷ᠎ᠡ ᠥᠡᠳᠡᠢ᠌ᠭ᠍ᠰᠡᠨ ᠡᠭᠡ ᠣᠷᠤᠨ

ᠳᠡᠪᠢᠭᠡᠳ ᠭᠠᠷᠬᠤ ᠳᠤ ᠳᠡᠯᠡᠭᠡᠢ ᠨᠢ ᠪᠠᠶᠠᠰᠳᠠᠭ

ᠳᠠᠪᠬᠢᠭᠠᠳ ᠢᠷᠡᠭᠦ ᠳᠤ ᠪᠦᠮᠪᠦᠷᠴᠡᠭ᠌ ᠥᠡᠳᠡᠯᠵᠢᠳᠡᠭ᠌

᠊᠊᠊᠊᠊᠊᠊᠊᠊᠊᠊᠊᠊᠊᠊ ᠮᠢᠨᠤ ᠡᠭᠡ ᠣᠷᠤᠨ᠃

ᠳᠦᠷᠦᠭᠡᠯᠡᠭᠡᠳ ᠮᠤᠷᠳᠠᠬᠤ ᠳᠤ ᠪᠠᠭᠤᠴᠠ ᠨᠢ ᠥᠡᠳᠡᠢ᠌ᠳᠡᠭ᠌

ᠳᠦᠰᠢᠭᠡᠳ ᠪᠣᠰᠬᠤ ᠪᠦᠭᠦᠷᠭᠡ ᠳᠤᠯᠭᠠᠭᠤᠷᠢ ᠪᠣᠯᠳᠠᠭ

᠊᠊᠊᠊᠊᠊᠊᠊᠊᠊᠊᠊᠊᠊᠊ ᠮᠢᠨᠤ ᠡᠭᠡ ᠣᠷᠤᠨ᠃

ᠭᠦᠢ ᠵᠠᠯᠭᠠᠵᠤ ᠣᠳᠤᠮ ᠤᠨ ᠭᠠᠯ ᠶᠢᠡᠨ ᠪᠠᠳᠠᠷᠠᠭᠠᠬᠤ ᠳ᠋ᠤ

ᠡᠭᠡᠨᠡᠭ᠍ᠳᠡ ᠥᠷᠯᠦᠭ᠌ ᠳᠡᠭ᠍ᠷᠢ ᠰᠢᠭ᠌ ᠳᠡᠨᠡᠢ᠌ᠳᠡᠭ᠌

᠊᠊᠊᠊᠊᠊᠊᠊᠊᠊᠊᠊᠊᠊᠊ ᠮᠢᠨᠤ ᠡᠭᠡ ᠣᠷᠤᠨ᠃

ᠮᠠᠩᠨᠤᠭ ᠳᠠᠯ᠎ᠠ ᠶᠢᠨ ᠶᠢᠡᠨ ᠦᠷᠦᠴᠠ ᠵᠢ

ᠡᠭᠡ ᠣᠷᠤᠨ ᠭᠡᠳᠡᠭ᠌᠃

ᠮᠠᠯᠵᠢᠬᠤ ᠠᠮᠢᠳᠤᠷᠠᠯ ᠤᠨ ᠶᠢᠡᠨ ᠨᠡᠭᠦᠳᠡᠯ ᠢ

ᠡᠭᠡ ᠣᠷᠤᠨ ᠭᠡᠳᠡᠭ᠌᠃

ᠬᠠᠨ᠎ᠠ ᠨᠢ ᠨᠢᠳᠤᠳᠠᠢ ᠭᠡᠷ ᠤᠨ ᠶᠢᠡᠨ

ᠳᠤᠭᠤᠨᠤ ᠪᠠᠷ ᠳᠤᠰᠤᠭᠰᠠᠨ ᠨᠠᠷᠠ ᠶᠢ ᠰᠢᠠᠵᠢᠵᠤ

ᠳᠡᠯᠡᠭᠡᠢ ᠴᠢᠮ᠎ᠠ ᠶᠢ ᠪᠠᠨ ᠥᠮᠴᠢᠷᠭᠡᠨ

ᠰᠠᠭᠤᠷᠢ ᠨᠢ ᠳᠤᠭᠤᠷᠢᠭ ᠭᠡᠷ ᠡᠴᠠ ᠪᠠᠨ ᠮᠤᠷᠳᠠᠬᠤ ᠳ᠋ᠤ

ᠡᠭᠡ ᠣᠷᠤᠨ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠵᠡᠨ ᠮᠢᠨᠢ ᠭᠡᠵᠤ

ᠡᠮᠡᠭᠡᠯ ᠳᠡᠭᠡᠷ᠎ᠡ ᠪᠠᠨ ᠳᠦᠳᠦᠨᠡᠳᠡᠭ᠌ ᠶᠤᠮ᠃

ᠠᠭᠳᠠ ᠶᠢᠨ ᠳᠤᠭᠤᠷᠠᠢ᠌ᠳ

ᠭᠦᠷᠦᠰᠤᠨ ᠳᠠᠮᠠᠭᠠᠯᠠᠬᠤ ᠳ᠋ᠤ

ᠳᠢᠪ ᠠᠯᠤᠰ ᠲᠤ ᠳᠠᠭᠤᠷᠢᠰᠳᠠᠭ ᠴᠤᠤᠷᠢᠶ᠎ᠠ ᠵᠢ

ᠡᠭᠡ ᠣᠷᠤᠨ ᠭᠡᠳᠡᠭ᠌᠃

ᠵᠡᠭᠦᠳᠤᠨ ᠳᠤ ᠪᠠᠭᠤᠭᠰᠠᠨ ᠰᠢᠷᠭᠠᠯ ᠨᠠᠷᠠᠨ ᠳᠤ

ᠣᠶᠠᠩᠭ᠋᠎ᠠ ᠶᠢᠨ ᠰᠠᠴᠤᠯᠢ ᠪᠠᠨ ᠡᠷᠭᠦᠳᠡᠭ᠌ ᠠᠭᠠᠯᠢ ᠵᠢ

ᠡᠭᠡ ᠣᠷᠤᠨ ᠭᠡᠳᠡᠭ᠌᠃

ᠮᠤᠩᠭ᠋ᠤᠯ ᠡᠷ᠎ᠡ ᠶᠢᠨ ᠵᠢᠪᠬᠤᠭ᠎ᠠ ᠪᠠᠷ

ᠵᠠᠭᠤᠨ ᠤ ᠰᠤᠨᠤᠷ ᠲᠤ ᠳᠠᠭᠤᠷᠢᠰᠬᠠᠤ ᠳᠤᠤᠯᠢ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠡᠮᠡᠭᠡᠯ ᠳᠡᠭᠡᠷ᠎ᠡ ᠥᠡᠳᠡᠢ᠌ᠭ᠍ᠰᠡᠨ

ᠡᠭᠡ ᠣᠷᠤᠨ ᠡ ︕


ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2009 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ