☆ ᠰ·ᠠᠭᠤᠯᠠ
ᠠᠷᠤ ᠶᠢᠨ ᠴᠡᠩᠭᠡᠷ ᠣᠷᠤᠢ
ᠠᠷᠤ ᠶᠢᠨ ᠴᠡᠩᠭᠡᠷ ᠣᠷᠤᠢ ᠪᠠᠢ᠌ᠨ᠎ᠠ
ᠠᠪᠣ ᠶᠢᠨ ᠨᠤᠳᠤᠭ ᠤᠨ ᠰᠠᠭᠢᠭᠤᠰᠤ ᠪᠢᠯᠠ
ᠠᠯᠢᠶᠠᠷᠬᠠᠵᠤ ᠨᠠᠭᠠᠳᠬᠤ ᠵᠢᠯᠡᠭ᠍ᠰᠢᠭ᠍ᠰᠡᠨ ᠪᠣᠳᠤᠯ ᠤᠳ ᠢ
ᠠᠢ᠌ᠯ ᠤᠨ ᠠᠷᠤ ᠵᠥᠭ᠌ ᠰᠠᠭᠠᠤᠨ ᠦᠭᠡᠶ ᠬᠤᠮᠢᠳᠠᠭ ᠪᠠᠢ᠌ᠯ᠎ᠠ᠃
ᠠᠷᠤ ᠶᠢᠨ ᠴᠡᠩᠭᠡᠷ ᠣᠷᠤᠢ ᠪᠠᠢ᠌ᠨ᠎ᠠ
ᠠᠯᠤᠰ ᠢ ᠪᠠᠷᠠᠯᠠᠬᠤ ᠱᠠᠳᠤ ᠪᠢᠯᠠ
ᠬᠤᠷᠭᠤᠳᠠᠭᠰᠠᠨ ᠭᠠᠵᠠᠷ ᠲᠠᠭᠠᠨ ᠳᠤᠭᠳᠠᠵᠤ ᠶᠠᠳᠠᠬᠤ ᠬᠠᠷᠠᠭ᠎ᠠ ᠶᠢ
ᠬᠤᠯᠠ ᠶᠢᠨ ᠣᠷᠤᠨ ᠵᠠᠢ ᠵᠥᠭ᠌ ᠬᠤᠴᠤᠷᠭᠠᠯ ᠦᠭᠡᠶ ᠭᠦᠳᠦᠯᠳᠡᠭ᠌ ᠪᠠᠢ᠌ᠯ᠎ᠠ᠃
ᠠᠷᠤ ᠶᠢᠨ ᠴᠡᠩᠭᠡᠷ ᠣᠷᠤᠢ ᠪᠠᠢ᠌ᠨ᠎ᠠ
ᠠᠮᠠᠷᠠᠭ ᠪᠣᠯᠵᠤᠭᠠᠨ ᠤ ᠪᠠᠭᠤᠴᠠ ᠪᠢᠯᠠ
ᠨᠠᠳᠬᠤᠭᠰᠠᠨ ᠨᠠᠳᠬᠤᠭᠠ ᠦᠭᠡᠶ ᠢᠨᠠᠭ ᠰᠡᠳᠭᠢᠯ ᠤᠳ
ᠨᠠᠮᠬᠠᠨ ᠡᠡᠩᠭᠡᠷ ᠲᠤ ᠴᠢᠨᠢ ᠰᠢᠪᠠᠨᠡᠯᠴᠡᠳᠡᠭ᠌ ᠪᠠᠢ᠌ᠯ᠎ᠠ᠃
ᠠᠷᠤ ᠶᠢᠨ ᠴᠡᠩᠭᠡᠷ ᠣᠷᠤᠢ ᠪᠠᠢ᠌ᠨ᠎ᠠ
ᠠᠭᠢᠯᠳᠠ ᠶᠢᠨ ᠰᠥᠮᠡᠭᠡᠷ ᠪᠠᠷ᠎ᠠ ᠪᠢᠯᠠ
ᠠᠢ᠌ᠯ ᠤᠨ ᠮᠢᠨᠢ ᠰᠢᠨᠠᠳᠤᠯ ᠠᠢ᠌ᠯ ᠤᠨ ᠮᠢᠨᠢ ᠬᠤᠪᠢᠷᠠᠯ ᠢ
ᠠᠯᠠᠭ ᠬᠤᠷᠸ᠎ᠠ ᠳᠤ ᠪᠢᠴᠢᠭᠯᠡᠭ᠍ᠰᠡᠨ ᠪᠠᠢ᠌ᠯ᠎ᠠ᠃
ᠠᠷᠤ ᠶᠢᠨ ᠴᠡᠩᠭᠡᠷ ᠣᠷᠤᠢ ᠪᠠᠢ᠌ᠨ᠎ᠠ
ᠠᠩᠭ᠋ᠠᠬᠠᠢ ᠬᠠᠢ᠌ᠷ᠎ᠠ ᠶᠢᠨ ᠱᠤᠩ ᠪᠢᠯᠠ
ᠠᠰᠳᠠᠭᠠᠨ ᠨᠤᠳᠤᠭ ᠲᠤ ᠣᠢ᠌ᠯᠠᠰ ᠳᠡᠭᠡᠳᠦᠯᠡᠭᠦ ᠭᠦᠤ ᠶᠢᠨ
ᠠᠮᠠᠭᠠᠢ ᠬᠠᠳᠠᠭᠤ ᠬᠠᠢ᠌ᠷ᠎ᠠ ᠶᠢᠨ ᠭᠢᠨᠢ ᠠᠷᠭᠠᠮᠵᠢᠶ᠎ᠠ ᠪᠢᠯᠠ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ