ᠨᠡᠪᠲᠡᠷᠡᠨ ᠤᠷᠤᠬᠤ
ᠪᠣᠭ ᠴᠢ ᠦᠷᠦᠰᠢᠶᠡᠭᠡᠴᠢ

ᠪᠣᠭ ᠴᠢ ᠦᠷᠦᠰᠢᠶᠡᠭᠡᠴᠢ︕

ᠪᠣᠷᠤᠭᠤ ᠶᠢ ᠮᠢᠨᠢ ᠠᠭᠤᠴᠢᠯᠠᠭᠠᠴᠢ︕

ᠪᠣᠷᠤᠭᠤ ᠭᠢᠭ᠍ᠰᠡᠨ ᠭᠦᠮᠤᠨ ᠳᠦᠷᠤᠯᠭᠢᠳᠠᠨ ᠢ

ᠪᠣᠷᠬᠠᠨ ᠳᠤ ᠪᠢᠳᠡᠭᠡᠢ ᠭᠦᠷᠭᠡᠭᠡᠴᠢ︕


ᠬᠠᠷᠠᠩᠭ᠋ᠤᠢ ᠳᠤ ᠠᠪᠠᠷᠢᠭᠰᠠᠨ ᠭᠦᠮᠤᠨ ᠳᠦᠷᠤᠯᠭᠢᠳᠠᠨ ᠢ

ᠬᠠᠯᠢᠯ ᠡᠴᠠ ᠪᠢᠳᠡᠭᠡᠢ ᠣᠨᠠᠭᠠᠭᠠᠴᠢ︕

ᠬᠠᠷ᠎ᠠ ᠨᠢᠭᠦᠯ ᠡᠴᠠ ᠪᠠᠨ ᠡᠷᠢᠭ᠍ᠰᠡᠨ

ᠬᠠᠰ ᠡᠷᠳᠡᠨᠢ ᠶᠢ ᠨᠢ ᠣᠯᠭᠤᠭᠠᠴᠢ︕


ᠬᠠᠯᠠ ᠲᠡᠶ ᠵᠢᠷᠭᠠᠯ ᠠᠮᠰᠠᠭᠰᠠᠨ ᠭᠦᠮᠤᠨ ᠳᠦᠷᠤᠯᠭᠢᠳᠠᠨ ᠢ

ᠬᠠᠵᠠᠭᠤ ᠡᠴᠠ ᠨᠢ ᠵᠤᠷᠢᠭᠵᠢᠭᠤᠯᠤᠭᠠᠴᠢ︕

ᠬᠠᠭᠠᠨ ᠤ ᠮᠠᠭᠤ ᠵᠢᠷᠭᠠᠯ ᠢ

ᠭᠡᠨ ᠳ᠋ᠤᠨᠢ ᠴᠤ ᠪᠢᠳᠡᠭᠡᠢ ᠥᠵᠡᠭᠦᠯᠦᠭᠡᠴᠢ︕


ᠣᠩᠭ᠋ᠤᠨ ᠰᠢᠭ ᠰᠦᠷᠯᠢᠭ᠌

ᠣᠷᠳᠤᠨ ᠬᠠᠷᠰᠢ ᠳᠠᠭᠠᠨ ᠠᠪᠠᠴᠢᠭᠠᠴᠢ︕

ᠣᠰᠤᠯᠢᠭ ᠰᠠᠢ᠌ᠬᠠᠨ ᠦᠬᠢᠳ ᠤᠨ ᠶᠢᠠᠨ

ᠣᠷᠤᠭᠤᠯ ᠢ ᠨᠢ ᠭᠦᠮᠤᠨ ᠳᠡᠭᠡᠨ ᠦᠭ‍ᠭᠦᠭᠡᠴᠢ︕


ᠰᠤᠭᠳᠤᠭᠠᠤᠨ ᠮᠠᠷᠳᠠᠭᠰᠠᠨ ᠵᠢᠷᠭᠠᠯ ᠢ ᠨᠢ

ᠰᠦᠨᠢ ᠳᠤ ᠠᠪᠠᠴᠢᠭᠠᠤᠨ ᠦᠭ‍ᠭᠦᠭᠡᠴᠢ︕

ᠰᠤᠬᠤᠷ ᠵᠤᠭᠤᠰ ᠴᠤ ᠠᠪᠬᠤ ᠥᠭᠡᠢ

ᠶᠠᠩᠬᠠᠨ ᠢ ᠭᠦᠮᠤᠨ ᠳᠡᠭᠡᠨ ᠶᠠᠪᠣᠭᠤᠯᠤᠭᠠᠴᠢ︕


ᠡᠷᠭᠢᠮ ᠮᠤᠷᠠᠯ ᠤᠨ ᠬᠤᠪᠴᠠᠰᠤ ᠶᠢ ᠴᠢᠨᠢ

ᠥᠭᠦᠪᠠᠴᠤ ᠪᠢᠳᠠ ᠡᠮᠦᠰᠭᠦ ᠦᠭᠡᠶ︕

ᠡᠷᠢᠶᠡᠨ ᠠᠯᠠᠭ ᠶᠤᠰᠤᠨ ᠳᠤ ᠴᠢᠨᠢ

ᠡᠷᠭᠢᠭᠡᠳ ᠪᠢᠳᠡ ᠬᠠᠳᠬᠤᠭᠤᠯᠬᠤ ᠦᠭᠡᠶ︕


  ᠡᠷᠭᠡ ᠵᠡᠷᠭᠡ ᠶᠢᠨ ᠦᠯᠮᠠᠢ ᠶᠢ ᠴᠢᠨᠢ

  ᠠᠭᠢᠭᠠᠤᠨ ᠪᠢᠳᠠ ᠥᠨᠦᠰᠭᠦ ᠦᠭᠡᠶ︕

  ᠡᠷᠭᠡ ᠴᠢᠯᠦᠭᠡᠨ ᠤ ᠬᠤᠷᠢᠭᠤᠯ ᠳᠤ ᠴᠢᠨᠢ

  ᠡᠭᠦᠷᠢᠳᠡ ᠪᠢᠳᠠ ᠣᠴᠢᠬᠤ ᠦᠭᠡᠶ︕


  ᠪᠣᠭ ᠴᠢ ᠦᠷᠦᠰᠢᠶᠡᠭᠡᠴᠢ︕   

  ᠪᠣᠷᠤᠭᠤ ᠶᠢ ᠮᠢᠨᠢ ᠠᠭᠤᠴᠢᠯᠠᠭᠠᠴᠢ︕

  ᠪᠣᠷᠤᠭᠤ ᠭᠢᠭ᠍ᠰᠡᠨ ᠭᠦᠮᠤᠨ ᠳᠦᠷᠤᠯᠭᠢᠳᠠᠨ ᠢ

  ᠪᠣᠷᠬᠠᠨ ᠳᠤ ᠪᠢᠳᠡᠭᠡᠢ ᠳᠤᠰᠢᠶᠠᠭᠠᠴᠢ︕


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2649
ᠴᠠᠭ᠄ 2011 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ