ᠨᠡᠪᠲᠡᠷᠡᠨ ᠤᠷᠤᠬᠤ
ᠮᠤᠷᠢ ᠮᠢᠨᠢ

ᠣᠨᠤᠭᠰᠠᠨ ᠡᠵᠡᠨ ᠳ᠋ᠭᠡᠨ ᠢᠷᠦᠭᠡᠯ ᠳᠠᠢ

ᠣᠳᠤᠮ ᠤᠨ ᠬᠤᠷᠳᠤᠨ  ᠭᠦᠯᠦᠭ᠌᠂

ᠣᠷᠤᠯᠳᠤᠭᠠᠨ ᠪᠣᠯᠭᠠᠨ ᠳᠤ ᠳᠦᠷᠦᠭᠦᠯᠡᠳᠡᠭ᠌

ᠣᠠᠴᠠ ᠬᠤᠷᠳᠤᠨ ᠮᠤᠷᠢ᠂

ᠣᠪᠣᠭᠠᠨ ᠨᠠᠢ᠌ᠷ  ᠲ᠋ᠤ ᠬᠤᠰᠢᠭᠤᠷᠠᠨ

ᠨᠠᠷ᠎ᠠ ᠭᠠᠷᠤᠭᠰᠠᠨ ᠮᠤᠷᠢ᠂

ᠣᠮᠤᠭ ᠰᠦᠷ ᠶᠢᠡᠨ ᠮᠠᠠᠳᠤᠭᠤᠯᠠᠭᠠᠤᠨ

ᠨᠤᠳᠤᠭ ᠲᠠᠭᠠᠨ ᠳᠠᠭᠤᠷᠢᠰᠤᠭᠰᠠᠨ ᠮᠤᠷᠢ᠂

ᠣᠶᠠᠭ᠎ᠠ ᠰᠥᠢᠯᠭ᠎ᠠ ᠶᠢᠨ ᠰᠠᠢ᠌ᠨ ᠳ᠋ᠤ

ᠳᠠᠪᠠᠯᠠᠭᠳᠠᠵᠤ ᠳᠠᠰᠤᠭᠰᠠᠨ ᠮᠤᠷᠢ ᠪᠢᠯᠠ

ᠣᠷᠤᠯᠳᠤᠬᠤ ᠪᠦᠷᠢ ᠳᠡᠭᠡᠨ ᠮᠠᠩᠯᠠᠢ᠌ᠯᠠᠭᠠᠤᠨ

ᠲᠦᠮᠡᠨ ᠳᠤ ᠱᠠᠭᠰᠢᠭᠳᠠᠠᠭᠰᠠᠨ ᠮᠤᠷᠢ ᠮᠢᠨᠢ᠂

ᠡᠪᠠᠰᠤᠨ ᠤ ᠰᠢᠮᠡᠯᠢᠭ᠌ ᠳᠡᠵᠢᠭᠡᠯ ᠵᠢᠠᠷ

ᠦᠯ ᠬᠤᠭᠤᠯᠠ ᠪᠣᠯᠭᠠᠭᠰᠠᠨ ᠮᠤᠷᠢ ᠪᠢᠯᠠ᠂

ᠰᠥᠷᠦᠭ᠌ ᠤᠨ ᠳᠤᠮᠳᠠ ᠪᠠᠨ ᠰᠤᠷᠳᠤᠯᠵᠠᠭᠰᠠᠨ

ᠵᠢᠷᠤᠭ ᠰᠠᠢ᠌ᠬᠠᠨ ᠮᠤᠷᠢ ᠪᠢᠯᠠ᠂

ᠴᠤᠮᠪᠣᠩ ᠳᠦᠷᠪᠡᠨ ᠳᠤᠭᠤᠷᠠᠢ ᠡᠴᠡ ᠨᠢ

ᠴᠤᠭ ᠪᠠᠳᠠᠷᠠᠭᠰᠠᠨ ᠮᠤᠷᠢ ᠪᠢᠯᠠ᠂

ᠴᠤᠭᠳᠠᠢ ᠭᠡᠷᠡᠯᠳᠡᠢ ᠨᠢᠳᠤᠨ ᠡᠴᠡ ᠨᠢ

ᠭᠠᠯ ᠪᠠᠳᠠᠷᠠᠭᠰᠠᠨ ᠮᠤᠷᠢ ᠪᠢᠯᠠ᠂

ᠣᠨᠤᠭᠰᠠᠨ ᠡᠵᠡᠨ ᠳᠡᠭᠡᠨ ᠢᠷᠦᠭᠡᠯ ᠳᠠᠢ

ᠣᠳᠤᠮ ᠤᠨ ᠬᠤᠷᠳᠤᠨ ᠭᠦᠯᠦᠭ᠌ ᠡ︕

ᠣᠷᠤᠯᠳᠤᠭᠠᠨ ᠪᠣᠯᠭᠠᠨ ᠳᠤ ᠳᠦᠷᠦᠭᠦᠯᠡᠳᠡᠭ᠌

ᠣᠠᠴᠠ ᠶᠢᠨ ᠬᠤᠷᠳᠤᠨ ᠮᠤᠷᠢ ᠡ︕



ᠵᠤᠬᠢᠶᠠᠭᠴᠢ᠄ ᠭᠦ·ᠳᠤᠭᠠᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3202
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ