ᠮᠤᠩᠭ᠋ᠤᠯᠴᠤᠳ ᠤᠨ ᠭᠠᠵᠠᠷ ᠥᠮᠴᠢᠯᠡᠭᠦ ᠶᠤᠰᠤ ᠣᠯᠠᠮᠵᠢᠯᠠᠯ
ᠮᠤᠩᠭ᠋ᠤᠯᠴᠤᠳ ᠡᠷᠳᠡ ᠦᠶ᠎ᠡ ᠶᠢᠨ ᠡᠪᠦᠭᠡ ᠳᠡᠭᠡᠳᠦᠰ ᠾᠦᠩᠨᠦ ᠶᠢᠨ ᠦᠶ᠎ᠡ ᠡᠴᠡ ᠠᠪᠣᠭᠠᠳ ᠭᠠᠵᠠᠷ ᠢ ᠣᠯᠤᠰ ᠤᠨ ᠦᠨᠳᠦᠰᠦ ᠭᠡᠮᠡᠨ ᠥᠵᠡᠳᠡᠭ᠌ ᠪᠠᠢ᠌ᠵᠠᠢ᠃ ᠾᠦᠩᠨᠦ ᠣᠯᠤᠰ ᠤᠨ ᠪᠦᠭᠦ ᠭᠠᠵᠠᠷ ᠨᠤᠳᠤᠭ ᠨᠢ ᠾᠦᠩᠨᠦ ᠣᠯᠤᠰ ᠤᠨ ᠳᠠᠶᠠᠭᠠᠷ ᠪᠣᠭᠳᠠ (ᠭᠢᠳᠠᠤᠨ ᠶᠢᠡᠷ 《ᠮᠤᠳᠠ ᠊᠊᠊᠊᠊᠊᠊᠊᠊᠊᠊᠊᠊᠊᠊ ᠴᠠᠨ ᠢᠦᠢ》 ᠭᠡᠳᠡᠭ᠌) ᠬᠠᠭᠠᠨ ᠤ ᠮᠠᠳᠠᠯ ᠳᠤ ᠪᠠᠢ᠌ᠯ᠎ᠠ᠃ ᠳᠠᠷᠠᠪᠠᠷ ᠰᠥᠭᠡᠮ ᠭᠠᠵᠠᠷ ᠤᠨ ᠳᠦᠯᠦᠭᠡ ᠥᠭᠦᠨ ᠬᠠᠳᠠᠨ ᠳᠠᠮᠠᠴᠠᠵᠤ ᠪᠠᠢ᠌ᠵᠠᠢ᠃ ᠳᠠᠷᠠᠪᠠᠷ ᠭᠢᠳᠠᠤᠨ ᠤᠨ ᠬᠠᠨ ᠣᠯᠤᠰ ᠡᠴᠡ᠂ 《ᠡᠵᠡᠨ ᠦᠭᠡᠶ ᠭᠡᠰᠡᠭ᠌ ᠭᠠᠵᠠᠷ ᠢ ᠠᠪᠣᠶ᠎ᠠ》 ᠭᠡᠭᠦ ᠳᠤ ᠶᠠᠷᠤ ᠵᠥᠪᠰᠢᠶᠡᠷᠡᠭ᠍ᠰᠡᠨ ᠦᠭᠡᠶ ᠪᠠᠢ᠌ᠨ᠎ᠠ᠃ ᠳᠠᠷᠠ᠄ 《ᠭᠠᠵᠠᠷ ᠶᠢᠡᠨ ᠪᠣᠰᠤᠳ ᠲᠤ ᠦᠭᠭᠦ ᠡᠴᠡ ᠳᠤᠯᠤᠭᠠᠢ ᠪᠠᠨ ᠦᠭᠭᠦᠭ᠍ᠰᠡᠨ ᠳᠡᠭᠡᠷ᠎ᠡ》 ᠭᠡᠮᠡᠨ ᠣᠯᠠᠨ ᠰᠠᠢ᠌ᠳ᠂ ᠠᠷᠠᠤᠨ ᠣᠯᠠᠨ ᠳᠠᠭᠠᠨ ᠵᠠᠷᠯᠢᠭ ᠪᠠᠭᠤᠯᠭᠠᠳᠠᠭ ᠪᠠᠢ᠌ᠵᠠᠢ᠃ ᠴᠢᠩᠭᠢᠰ ᠬᠠᠭᠠᠨ ᠤ ᠦᠶ᠎ᠡ ᠳᠤ᠂ ᠳᠡᠭᠦᠨ ᠤ ᠡᠪᠦᠭᠡ ᠬᠠᠪᠣᠯ ᠬᠠᠭᠠᠨ ᠭᠠᠵᠠᠷ ᠨᠤᠳᠤᠭ ᠤᠨ ᠳᠦᠯᠦᠭᠡ ᠳᠠᠢ᠌ᠳᠤᠵᠤ ᠪᠠᠢ᠌ᠭᠰᠠᠨ ᠪᠠᠢ᠌ᠨ᠎ᠠ᠃ ᠳᠤᠷᠤᠨ᠎ᠠ ᠵᠥᠭ᠌ ᠤᠨ ᠣᠷᠤᠨ ᠤ ᠡᠯ᠎ᠡ ᠨᠤᠶᠠᠤᠨ ᠤᠨ ᠡᠷᠭᠡᠰᠢᠶᠡᠯ ᠳ᠋ᠠᠭᠢ ᠮᠤᠩᠭ᠋ᠤᠯ ᠤᠨ ᠪᠦᠭᠦ ᠭᠠᠵᠠᠷ ᠨᠤᠳᠤᠭ ᠨᠢ ᠣᠯᠤᠰ ᠤᠨ ᠦᠮᠴᠢ ᠪᠠᠢ᠌ᠭᠰᠠᠨ ᠪᠦᠭᠡᠤᠨ ᠬᠠᠮᠤᠭ ᠤᠨ ᠳᠡᠭᠡᠳᠤ ᠥᠮᠴᠢᠯᠡᠭ᠍ᠴᠢ ᠨᠢ ᠴᠢᠩᠭᠢᠰ ᠬᠠᠭᠠᠨ ᠪᠠᠢ᠌ᠵᠠᠢ᠃
ᠳᠠᠷᠠ ᠦᠶ᠎ᠡ ᠳᠤ᠂ ᠭᠠᠵᠠᠷ ᠡᠵᠡᠮᠰᠢᠯ ᠨᠢ ᠭᠤᠷᠪᠠᠨ ᠵᠣᠢ᠌ᠯ ᠪᠠᠢ᠌ᠵᠠᠢ᠄
1᠂ ᠣᠯᠤᠰ ᠤᠨ ᠭᠠᠵᠠᠷ ᠪᠣᠶᠤ ᠮᠢᠩᠭ᠋ᠠᠳᠤ ᠶᠢᠨ ᠭᠠᠵᠠᠷ
2᠂ ᠳᠠᠷᠬᠠᠯᠠᠭᠰᠠᠨ ᠭᠠᠵᠠᠷ ᠨᠤᠳᠤᠭ
3᠂ ᠰᠤᠶᠤᠷᠬᠠᠯ ᠤᠨ ᠭᠠᠵᠠᠷ ᠵᠡᠷᠭᠡ ᠪᠣᠯᠤᠨ᠎ᠠ᠃ ᠮᠢᠩᠭ᠋ᠠᠳᠤ ᠶᠢᠨ ᠨᠤᠶᠠᠤᠨ ᠪᠣᠯ ᠴᠡᠷᠢᠭ᠌ ᠵᠠᠭᠢᠷᠭᠠᠨ ᠤ ᠨᠢᠭᠡᠴᠡ ᠶᠢᠨ ᠮᠢᠩᠭ᠋ᠠᠨ ᠡᠷᠦᠭᠡ ᠶᠢ ᠵᠠᠭᠢᠷᠬᠤ ᠶᠢᠨ ᠬᠠᠮᠳᠤ ᠬᠠᠷᠢᠶᠠᠳᠤ ᠮᠢᠩᠭ᠋ᠠᠳᠤ ᠶᠢᠨ ᠶᠢᠡᠨ ᠨᠤᠳᠤᠭ ᠪᠠᠯᠴᠢᠭᠡᠷ ᠢ ᠶᠡᠷᠦᠩᠭᠡᠢ ᠳ᠋ᠤᠨᠢ ᠡᠷᠭᠡ ᠮᠠᠳᠠᠨ ᠬᠠᠮᠢᠶᠠᠷᠤᠳᠠᠭ ᠠᠵᠠᠢ᠃ ᠮᠢᠩᠭ᠋ᠠᠳᠤ ᠶᠢᠨ ᠢᠷᠭᠡᠤᠨ᠂ ᠣᠤᠯ ᠮᠢᠩᠭ᠋ᠠᠨ ᠤ ᠨᠤᠳᠤᠭ ᠪᠠᠯᠴᠢᠭᠡᠷ ᠢ ᠭᠦᠢ ᠨᠢᠭᠡᠳᠦᠯ ᠤᠨ ᠵᠠᠩ ᠳᠠᠳᠬᠠᠯ᠂ ᠨᠡᠭᠦᠳᠡᠯ ᠮᠠᠯ ᠠᠵᠤ ᠠᠬᠤᠢ ᠵᠡᠷᠭᠡ ᠡᠴᠡ ᠰᠢᠯᠳᠠᠭᠯᠠᠨ᠂ ᠨᠠᠢ᠌ᠳᠠ ᠪᠠᠷ ᠶᠢᠡᠨ ᠠᠰᠢᠭᠯᠠᠵᠤ ᠡᠳ᠋ᠯᠡᠵᠤ ᠪᠠᠢ᠌ᠭᠰᠠᠨ ᠪᠠᠢ᠌ᠨ᠎ᠠ᠃ ᠭᠡᠪᠠᠴᠤ ᠮᠢᠩᠭ᠋ᠠᠳᠤ ᠶᠢᠨ ᠨᠤᠶᠠᠳ᠂ ᠮᠢᠩᠭ᠋ᠠᠳᠤ ᠶᠢᠨ ᠳᠤᠰᠢᠶᠠᠯ ᠳᠤ ᠪᠠᠢ᠌ᠬᠤ ᠳᠠᠭᠠᠨ᠂ ᠮᠢᠩᠭ᠋ᠠᠳᠤ ᠶᠢᠨ ᠨᠤᠳᠤᠭ ᠢ ᠳᠤᠷ᠎ᠠ ᠪᠠᠷ ᠶᠢᠡᠨ ᠥᠭᠡᠷ᠎ᠡ ᠪᠣᠰᠤᠳ ᠲᠤ ᠰᠢᠯᠵᠢᠭᠦᠯᠭᠦ ᠡᠷᠭᠡ ᠦᠭᠡᠶ ᠪᠠᠢ᠌ᠵᠠᠢ᠃
(ᠬᠠᠯᠬ᠎ᠠ ᠶᠢᠨ ᠰᠦᠯᠵᠢᠶᠠᠨ ᠡᠴᠡ ᠪᠠᠭᠤᠯᠭᠠᠪᠠ)
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄
ᠵᠠᠩ ᠤᠢ᠌ᠯᠠᠳᠠᠷᠤᠮ᠄ 7504
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ