☆ ᠷᠠ᠊·ᠥᠯᠵᠡᠢ᠌ᠳᠡᠯᠭᠡᠷ
ᠣᠳᠤᠳ ᠲᠤ ᠵᠠᠭᠢᠭᠰᠠᠨ ᠵᠠᠭᠢᠶ᠎ᠠ
ᠰᠠᠢ᠌ᠬᠠᠨ ᠬᠠᠨ᠎ᠠ ᠲᠡᠶ ᠭᠡᠷ ᠵᠢᠠᠨ
ᠰᠠᠷᠠᠨ ᠳᠡᠭᠡᠷ᠎ᠡ ᠪᠠᠷᠢᠬᠤ ᠶᠤᠮᠰᠠᠨ
ᠰᠠᠭᠠᠯᠢ ᠶᠢᠨ ᠮᠤᠩᠭ᠋ᠤᠯ ᠠᠮᠢᠳᠤᠷᠠᠯ ᠵᠢᠠᠨ
ᠰᠠᠷᠠᠨ ᠳᠡᠭᠡᠷ᠎ᠡ ᠰᠥᠯᠡᠭᠦ ᠶᠤᠮᠰᠠᠨ
ᠰᠠᠶ᠎ᠠ ᠲᠦᠮᠡᠨ ᠣᠳᠤᠳ ᠲᠤ ᠪᠢ
ᠰᠠᠶᠢ ᠶᠢᠨ ᠵᠠᠭᠢᠶ᠎ᠠ ᠪᠠᠨ ᠢᠯᠡᠭᠡᠭ᠍ᠰᠡᠨ ᠶᠤᠮ᠃
ᠡᠭᠦᠯᠡᠰ ᠭᠦᠯᠦᠭᠯᠡᠵᠤ ᠪᠠᠭᠤᠴᠠ ᠥᠡᠳᠡᠢ᠌ᠭᠡᠳ
ᠡᠷᠦᠭᠡ ᠪᠠᠨ ᠳᠠᠠᠳᠠ ᠰᠡᠭᠦᠵᠤ
ᠦᠨᠢ ᠮᠥᠩᠭᠡ ᠶᠢᠨ ᠵᠠᠶᠠᠭ᠎ᠠ ᠪᠠᠨ
ᠰᠠᠷᠠᠨ ᠨᠤᠳᠤᠭ ᠶᠢᠡᠷ ᠰᠠᠨᠠᠵᠤ
ᠰᠦᠨᠢ ᠶᠢᠨ ᠭᠢᠯᠠᠯᠵᠠᠮ᠎ᠠ ᠣᠳᠤᠳ ᠲᠤ ᠪᠢ
ᠰᠥᠷᠦᠭ᠌ ᠤᠨ ᠪᠠᠯᠴᠢᠭᠡᠷ ᠡᠴᠡ ᠵᠠᠭᠢᠭᠰᠠᠨ ᠶᠤᠮ᠃
ᠠᠽᠢᠶ᠎ᠠ ᠶᠢᠨ ᠭᠦᠷᠦᠰᠦᠨ ᠳᠤ ᠳᠠᠮᠠᠭᠠᠯᠠᠭᠰᠠᠨ
ᠠᠭᠳᠠ ᠶᠢᠨ ᠭᠠᠩ ᠳᠤᠭᠤᠷᠠᠢ ᠵᠢ
ᠰᠠᠷᠠᠨ ᠪᠦᠮᠪᠦᠷᠴᠡᠭ᠌ ᠤᠨ ᠭᠦᠷᠦᠰᠤᠨ ᠳ᠋ᠤ
ᠰᠠᠨᠠᠵᠤ ᠣᠷᠠᠨ ᠨᠡᠭᠦᠯᠭᠡᠭᠦ ᠪᠠᠷ
ᠰᠥᠷᠦᠭ᠌ ᠤᠨ ᠢᠠᠴᠠᠭᠠᠨ ᠤ ᠳᠡᠷᠭᠡᠳᠡ ᠡᠴᠡ ᠪᠢ
ᠣᠷᠭ᠎ᠠ ᠪᠠᠨ ᠳᠤᠯᠵᠤ ᠰᠢᠪᠠᠨᠡᠭ᠍ᠰᠡᠨ ᠶᠤᠮ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ
ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ