☆ ᠭᠠ᠊·ᠪᠦᠳᠦᠭᠡᠭ᠍ᠴᠢ
ᠴᠠᠢ ᠶᠢᠨ ᠴᠤᠮᠤᠨ ᠳ᠋ᠠᠭᠢ ᠦᠳᠭᠡᠨ ᠪᠦᠷᠦᠢ (ᠨᠢᠭᠡ)
1
ᠴᠡᠴᠡᠭ᠌ ᠥᠭᠦᠯᠡᠷᠤᠨ᠄
᠊᠊᠊᠊᠊᠊᠊᠊᠊᠊᠊᠊᠊᠊᠊ ᠦᠷ ᠤᠨ ᠰᠠᠯᠭᠢ ᠡ ︕ ᠨᠠᠮᠵᠢᠭᠤᠨ ᠪᠠᠢ᠌ᠭᠠᠴᠢ ᠡ᠂ ᠬᠠᠢ᠌ᠷᠠᠨ ᠰᠠᠢ᠌ᠬᠠᠨ ᠰᠢᠭᠦᠳᠡᠷᠢ ᠶᠢ ᠮᠢᠨᠢ ᠣᠨᠠᠭᠠᠭᠠᠤᠨ ᠪᠣᠢᠷ ᠬᠠᠭᠠᠯᠠᠴᠢᠬᠠᠯᠠ᠂ ᠨᠢᠭᠡᠨ ᠪᠦᠰᠡᠭᠦᠢ ᠳᠡᠭᠦᠨ ᠢ ᠳᠡᠭᠦᠵᠤ ᠡᠵᠢ ᠳᠤ ᠪᠠᠨ ᠴᠠᠢ ᠴᠢᠨᠠᠬᠤ ᠭᠡᠰᠡᠨ ᠶᠤᠮ ᠡ ︕
2
ᠴᠤᠮᠤ ᠲᠡᠶ ᠴᠠᠢ ᠳᠤ ᠪᠠᠨ ᠦᠳᠭᠡᠨ ᠪᠦᠷᠦᠢ ᠡᠴᠡ ᠭᠡᠯᠳᠡᠯᠡᠨ ᠭᠢᠵᠤ ᠣᠭᠤᠴᠢᠯᠠᠵᠤ ᠰᠠᠭᠤᠬᠤ ᠳᠤ ᠬᠠᠮᠢᠭ᠎ᠠ ᠡᠴᠡ ᠴᠤ ᠶᠤᠮ ᠡᠷᠳᠡᠨ ᠤ ᠨᠢᠭᠡᠨ ᠢᠨᠠᠭ ᠤᠨ ᠳᠠᠭᠤᠤ ᠠᠨᠢᠷᠳᠠᠨᠠ ᠊᠊᠊᠊᠊᠊᠊᠊᠊᠊᠊᠊᠊᠊᠊ ᠳᠠᠭᠤᠤ ᠳᠤ ᠣᠶᠠᠷᠠᠭᠰᠠᠨ ᠰᠡᠳᠭᠢᠯ ᠮᠢᠨᠢ ᠴᠤ ᠭᠦᠷᠡᠩᠳᠡᠨᠡ᠃
ᠣᠳᠠᠯ ᠦᠭᠡᠶ ᠳᠠᠰᠤ ᠬᠠᠷᠠᠩᠭ᠋ᠤᠢ ᠰᠦᠨᠢ ᠪᠣᠯᠤᠨ᠎ᠠ ᠰᠢᠤ ︕
3
ᠲᠦᠯᠡᠭᠡ ᠮᠤᠳᠤ ᠨᠤᠴᠤᠵᠤ ᠡᠭᠢᠯᠡᠭᠦ ᠳᠤ ᠯᠠ ᠭᠠᠯ ᠴᠡᠴᠡᠭ᠌ ᠳᠡᠯᠭᠡᠷᠡᠨ᠎ᠡ᠃ ᠳᠠ ᠮᠢᠨᠢ ᠪᠢᠳᠡᠭᠡᠢ ᠲᠦᠯᠡᠭᠡ ᠪᠠᠨ ᠭᠦᠭ᠍ᠵᠢᠨ ᠴᠡᠴᠡᠭᠯᠡᠯᠡ ᠭᠡᠵᠤ ᠪᠠᠶᠠᠷᠯᠠᠭᠠᠴᠢ ︕ ᠦᠨᠡᠨ ᠳᠤ ᠪᠠᠨ ᠳᠠᠷᠠ ᠴᠢᠨᠢ ᠮᠥᠭᠦᠵᠤ ᠪᠠᠢ᠌ᠭ᠎ᠠ ᠶᠤᠮ ᠰᠢᠤ᠃
4
ᠬᠠᠳᠠᠨ ᠳᠡᠭᠡᠷ᠎ᠡ᠂ ᠮᠤᠳᠤᠨ ᠳᠡᠭᠡᠷ᠎ᠡ ᠵᠠᠯᠠᠭᠤᠰ ᠤᠨ 《ᠬᠠᠢ᠌ᠷᠠᠳᠠᠢ》 ᠭᠡᠰᠡᠨ ᠪᠢᠴᠢᠭᠡᠰᠤ ᠬᠠᠷᠠᠭᠳᠠᠭᠠᠤᠨ ᠯᠠ ᠪᠠᠢ᠌ᠬᠤ ᠶᠤᠮ ᠡ᠃ ᠨᠥᠭᠦᠭᠡᠳᠡᠭᠢ ᠶᠢᠨ ᠶᠢᠡᠨ ᠰᠡᠳᠭᠢᠯ ᠳᠡᠭᠡᠷ᠎ᠡ ᠨᠢ ᠰᠠᠢ᠌ᠯᠪᠣᠷᠢᠯᠠᠵᠤ ᠴᠢᠳᠠᠭᠰᠠᠨ ᠪᠠᠢ᠌ᠭᠠᠰᠠᠢ ︕
5
ᠨᠠᠮᠤᠷ ᠤᠨ ᠰᠠᠯᠭᠢᠨ ᠳᠤ ᠨᠠᠢ᠌ᠭᠤᠬᠤ ᠡᠪᠠᠰᠤᠨ ᠳᠤ ᠰᠢᠮᠠᠭᠤᠯ ᠭᠡᠯᠡᠵᠤ ᠭᠡᠨ᠎ᠡ᠄
᠊᠊᠊᠊᠊᠊᠊᠊᠊᠊᠊᠊᠊᠊᠊ ᠪᠢ ᠯᠠ ᠳᠠᠳᠠᠵᠤ ᠪᠠᠢ᠌ᠵᠤ ᠴᠢᠮ᠎ᠠ ᠶᠢ ᠭᠡᠢ᠌ᠰᠭᠡᠭ᠍ᠰᠡᠨ ᠦᠭᠡᠶ ᠳ᠋ᠠ᠃
ᠲ᠋ᠡᠭᠡᠭᠦ ᠳᠤ ᠡᠪᠠᠰᠤ ᠨᠢ ᠬᠠᠷᠢᠭᠤ ᠭᠡᠯᠡᠳᠡᠭ᠌ ᠶᠤᠮ ᠪᠠᠢ᠌ᠨ᠎ᠠ᠄
᠊᠊᠊᠊᠊᠊᠊᠊᠊᠊᠊᠊᠊᠊᠊ ᠨᠠᠳᠠ ᠲᠡᠶ ᠵᠢᠭᠤᠷᠠᠯᠳᠤᠭᠰᠠᠨ ᠪᠣᠯᠬᠤᠷ ᠯᠠ ᠳᠠ ᠭᠡᠢ᠌ᠰᠴᠤ ᠣᠳᠤᠭᠰᠠᠨ ᠦᠭᠡᠶ ᠳ᠋ᠠ᠃
6
ᠬᠠᠷᠠᠩᠭ᠋ᠤᠢ ᠶᠢᠨ ᠳᠤᠮᠳᠠᠭᠤᠷ ᠪᠢ ᠭᠠᠭᠴᠠᠭᠠᠷ ᠠᠶᠠᠯᠠᠨ᠎ᠠ᠃ ᠠᠷᠤ ᠳᠤ ᠮᠢᠨᠢ ᠶᠠᠭᠤ ᠴᠤ ᠶᠤᠮ᠂ ᠱᠠᠷ ᠱᠠᠷ ᠳᠤᠤᠭᠠᠷᠬᠤ ᠨᠢ ᠠᠶᠤᠳᠠᠰ ᠲᠡᠶ᠃
ᠪᠢ ᠶᠠᠭᠠᠭᠢᠭᠰᠠᠨ ᠴᠤ ᠬᠣᠢ᠌ᠰᠢ ᠬᠠᠷᠠᠵᠤ ᠮᠦᠷᠤᠨ ᠳᠡᠭᠡᠷ᠎ᠡ ᠮᠢᠨᠢ ᠠᠰᠠᠵᠤ ᠪᠠᠢ᠌ᠭ᠎ᠠ ᠭᠡᠢ᠌ᠮᠦᠷᠢ ᠶᠢᠨ ᠵᠤᠯᠠ ᠪᠠᠨ ᠣᠠᠳᠠᠷᠭᠠᠬᠤ ᠦᠭᠡᠶ ᠳ᠋ᠠ ︕
7
ᠨᠠᠮᠤᠷ ᠤᠨ ᠰᠦᠨᠢ ᠳᠤᠭᠣᠢ᠌ᠬᠠᠨ ᠰᠠᠭᠤᠵᠤ ᠠᠷᠢᠭᠢᠳᠠᠬᠤ ᠳᠤ ᠨᠠᠮ ᠭᠦᠮ ᠨᠠᠮ᠎ᠠ ᠶᠢ ᠪᠦᠰᠡᠯᠡᠵᠤ ᠢᠷᠡᠭᠦ ᠨᠢ ᠤᠢ᠌ᠳᠬᠠᠷ ᠢ ᠣᠯᠠᠮ ᠨᠡᠮᠡᠭ᠍ᠳᠡᠭᠦᠯᠤᠨᠡ᠃
ᠬᠠᠷᠢᠨ ᠭᠠᠵᠠᠷ ᠳᠦᠭᠦᠷᠡᠩ ᠠᠰᠬᠠᠷᠠᠭᠰᠠᠨ ᠰᠠᠷᠠᠨ ᠤ ᠭᠡᠷᠡᠯ ᠢ ᠯᠢ ᠪᠠᠢ ᠶᠢᠨ ᠰᠢᠯᠦᠭ᠌ ᠤᠨ ᠭᠡᠮᠭᠡᠳᠡᠭ᠌ ᠭᠡᠮᠡᠨ ᠪᠣᠳᠤᠬᠤ ᠳᠤ ᠬᠤᠷᠮᠣᠢ᠌ᠯᠠᠵᠤ ᠠᠪᠣᠭᠠᠤᠨ ᠣᠳᠤᠮᠠᠷ ᠰᠠᠨᠠᠭᠳᠠᠨ᠎ᠠ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ ᠬᠤᠶᠠᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ