ᠨᠡᠪᠲᠡᠷᠡᠨ ᠤᠷᠤᠬᠤ
ᠣᠢ᠌ᠷᠠᠤᠨ ᠤᠨ ᠠᠬᠠᠮᠠᠤᠨ ᠵᠤᠬᠢᠶᠠᠯᠴᠢ᠂ ᠷᠤᠮᠠᠠᠴᠢ ᠳ᠋᠂ ᠨᠠᠮᠵᠢᠯ ᠤᠨ ᠵᠤᠬᠢᠶᠠᠯ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ ᠬᠤᠪᠣᠭᠰᠠᠢ᠌ᠷᠢ ᠳᠤ ᠨᠡᠭᠡᠭᠡᠭ᠍ᠳᠡᠪᠡ

ᠰᠢᠠᠵᠢᠶᠠᠩ ᠤᠨ ᠬᠤᠪᠣᠭᠰᠠᠢ᠌ᠷᠢ ᠶᠢᠨ ᠵᠢᠷᠤᠭᠳᠤ ᠴᠢᠮᠡᠭᠡᠨ᠂ ᠤᠢ᠌ᠷᠠᠤᠨ ᠤᠨ ᠠᠬᠠᠮᠠᠤᠨ ᠵᠤᠬᠢᠶᠠᠯᠴᠢ᠂ ᠷᠤᠮᠠᠠᠴᠢ ᠳ᠋᠂ ᠨᠠᠮᠵᠢᠯ ᠤᠨ ᠵᠤᠬᠢᠶᠠᠯ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ ᠢ ᠬᠤᠪᠣᠭᠰᠠᠢ᠌ᠷᠢ ᠳᠤ ᠳᠡᠭᠡᠷ᠎ᠡ 6 ᠰᠠᠷ᠎ᠠ ᠶᠢᠨ 26 ᠊᠊᠊᠊᠊᠊᠊᠊᠊᠊᠊᠊᠊᠊᠊ 27 ᠨᠢ ᠡᠳᠦᠷ ᠭᠦᠷᠳᠡᠯ᠎ᠡ ᠰᠦᠷ ᠭᠦᠡᠳᠦᠳᠡᠢ ᠨᠡᠭᠡᠭᠡᠭ᠍ᠳᠡᠪᠡ᠃

ᠲ᠋ᠤᠰ ᠣᠳᠠᠭᠠᠨ ᠤ 《ᠳ᠋·ᠨᠠᠮᠵᠢᠯ ᠤᠨ ᠵᠤᠬᠢᠶᠠᠯ ᠪᠦᠳᠦᠭᠡᠯ ᠤᠨ ᠰᠤᠳᠤᠯᠤᠨ ᠶᠠᠷᠢᠯᠴᠠᠬᠤ ᠬᠤᠷᠠᠯ》 ᠊ᠢ ᠰᠢᠠᠵᠢᠶᠠᠩ ᠤᠨ ᠣᠤᠠᠬ᠎ᠠ ᠣᠷᠠᠯᠢᠭ ᠤᠨ ᠭᠢᠨ ᠤ ᠬᠤᠯᠪᠣᠭ᠎ᠠ ᠭᠢᠭᠡᠳ 《ᠦᠣᠷ ᠤᠨ ᠴᠤᠯᠮᠤᠨ》 ᠰᠡᠳᠭᠦᠯ᠂ ᠰᠢᠠᠵᠢᠶᠠᠩ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠦᠨᠳᠦᠰᠦᠳᠠᠨ ᠤ ᠣᠤᠠᠬ᠎ᠠ ᠵᠤᠬᠢᠶᠠᠯ ᠰᠤᠳᠤᠯᠬᠤ ᠭᠠᠵᠠᠷ ᠭᠤᠤᠯᠴᠢᠯᠠᠨ ᠡᠷᠭᠢᠯᠡᠵᠤ᠂ ᠬᠤᠪᠣᠭᠰᠠᠢ᠌ᠷᠢ ᠰᠢᠶᠠᠨ ᠤ ᠵᠠᠰᠠᠭ ᠤᠨ ᠣᠷᠳᠤᠨ ᠳᠠᠭᠠᠭᠠᠴᠢᠯᠠᠨ ᠭᠦᠢᠴᠡᠳᠭᠡᠪᠡ᠃ ᠰᠤᠳᠤᠯᠤᠨ ᠶᠠᠷᠢᠯᠴᠠᠬᠤ ᠬᠤᠷᠠᠯ ᠳᠤ ᠰᠢᠠᠵᠢᠶᠠᠩ ᠤᠨ ᠡᠯ᠎ᠡ ᠭᠠᠵᠠᠷ ᠣᠷᠤᠨ ᠡᠴᠠ ᠳᠠᠪᠢᠭᠠᠤᠨ ᠡᠷᠳᠡᠮᠳᠡᠨ ᠵᠤᠬᠢᠶᠠᠯᠴᠢ᠂ ᠰᠢᠭᠦᠮᠵᠢᠯᠡᠭ᠍ᠴᠢ ᠣᠷᠤᠯᠴᠠᠭᠰᠠᠨ ᠤ ᠬᠠᠮᠳᠤ᠂ ᠭᠤᠴᠢᠭᠠᠤᠨ ᠥᠭᠦᠯᠡᠯ ᠢ ᠬᠤᠷᠠᠯ ᠳᠤ ᠳᠡᠪᠰᠢᠭᠦᠯᠵᠤ᠂ ᠣᠩᠰᠢᠨ ᠮᠠᠷᠭᠤᠯᠳᠤᠭᠰᠠᠨ ᠪᠠᠢ᠌ᠨ᠎ᠠ᠃

ᠳ·ᠨᠠᠮᠵᠢᠯ ᠨᠥᠭᠦᠷ 1960 ᠣᠨ ᠳᠤ 《ᠪᠠᠭᠠᠳᠤᠷᠴᠤᠳ ᠤᠨ ᠵᠠᠮ》 ᠭᠡᠭᠦ ᠥᠭᠦᠯᠡᠯᠭᠡ ᠪᠠᠨ 《ᠦᠣᠷ ᠤᠨ ᠴᠤᠯᠮᠤᠨ》 ᠰᠡᠳᠭᠦᠯ ᠤᠨ 6 ᠳ᠋ᠤᠭᠠᠷ ᠬᠤᠭᠤᠴᠠᠭ᠎ᠠ ᠳᠡᠭᠡᠷ᠎ᠡ᠂ 1961 ᠣᠨ ᠳᠤ 《ᠬᠠᠷᠠᠰᠢᠷ᠎ᠠ ᠶᠢᠨ ᠪᠦᠷᠭᠦᠤᠨ》 ᠭᠡᠭᠦ ᠨᠠᠢ᠌ᠷᠠᠭᠤᠯᠤᠯ ᠶᠢᠡᠨ ᠣᠢ᠌ᠭᠤᠷ ᠰᠡᠳᠭᠦᠯ ᠳᠡᠭᠡᠷ᠎ᠡ ᠨᠡᠢ᠌ᠳᠡᠯᠡᠭ᠍ᠰᠡᠨ ᠡᠴᠠ ᠡᠭᠢᠯᠡᠭᠡᠳ ᠣᠳᠤ ᠭᠦᠷᠳᠡᠯ᠎ᠡ 《ᠵᠤᠩᠭ᠋ᠤᠷᠤᠪ ᠪᠠᠭᠠᠳᠤᠷ》 (ᠷᠤᠮᠠᠨ)᠂ 《ᠡᠷᠭᠢᠴᠡᠵᠤ ᠪᠠᠢ᠌ᠬᠤ ᠡᠴᠡᠳᠡᠭ᠌ ᠦᠭᠡᠶ ᠬᠤᠷᠸ᠎ᠠ》 (ᠲ᠋ᠤᠭᠤᠵᠢ)᠂ 《ᠬᠤᠪᠣᠭᠰᠠᠢ᠌ᠷᠢ ᠶᠢᠨ ᠭᠦᠪᠠᠭᠦᠨ》 (ᠥᠭᠦᠯᠡᠯᠭᠡ)᠂ 《ᠬᠠᠢ᠌ᠷ᠎ᠠ ᠶᠢᠨ ᠬᠠᠳᠠᠭᠤ ᠰᠢᠦᠡᠭᠡᠯ》 (ᠥᠭᠦᠯᠡᠯᠭᠡ)᠂ 《ᠢᠵᠢᠯ ᠡᠳᠦᠷ ᠤᠨ ᠠᠳᠠᠯᠢ ᠪᠣᠰᠤ ᠣᠴᠠᠷᠠᠯ》 (ᠥᠭᠦᠯᠡᠯᠭᠡ)᠂ 《ᠰᠢᠨ᠎ᠡ ᠱᠥᠵᠢ》 (ᠥᠭᠦᠯᠡᠯᠭᠡ)᠂ 《ᠳᠤᠰᠬᠤᠨ ᠤ ᠱᠦᠵᠢ》 (ᠨᠠᠢ᠌ᠷᠠᠭᠤᠯᠤᠯ)᠂ 《ᠡᠵᠢ ᠶᠢᠨ ᠡᠨᠡᠷᠢᠩᠭᠦᠢ ᠰᠡᠳᠭᠢᠯ》 (ᠨᠠᠢ᠌ᠷᠠᠭᠤᠯᠤᠯ)᠂ 《ᠬᠤᠪᠣᠭ ᠤᠨ ᠭᠤᠤᠯ》   (ᠨᠠᠢ᠌ᠷᠠᠭᠤᠯᠤᠯ)᠂ 《ᠬᠤᠷᠠᠭᠠᠯᠠᠭᠰᠠᠨ ᠬᠤᠴᠠ᠂ ᠬᠤᠰᠠᠷᠠᠭᠰᠠᠨ ᠬᠤᠨᠢ ᠨᠤᠭᠤᠳ》 (ᠱᠤᠭ ᠶᠠᠷᠢᠶ᠎ᠠ) ᠵᠡᠷᠭᠡ ᠳᠤᠭᠤᠵᠢᠰ ᠤᠨ ᠵᠤᠬᠢᠶᠠᠯ 《ᠨᠠᠮ》᠂ 《ᠬᠤᠪᠣᠭᠰᠠᠢ᠌ᠷᠢ》᠂ 《ᠭᠦᠢᠰᠤᠨ ᠬᠤᠯᠪᠣᠭ᠎ᠠ ᠲᠡᠶ ᠳᠤᠷᠭᠤᠳ ᠨᠤᠳᠤᠭ》᠂ 《ᠰᠡᠳᠭᠢᠯ ᠳᠤ ᠰᠥᠡᠳᠡᠷᠯᠡᠭ᠍ᠰᠡᠨ ᠳᠦᠷᠢ》᠂   ᠰᠢᠭᠦᠭᠦ ᠳᠢᠩᠭᠢᠮ ᠳᠠᠭᠢ ᠳᠦᠷᠦᠭ᠍ᠳᠡᠯ》᠂ 《ᠴᠠᠭᠠᠨ ᠰᠠᠷ᠎ᠠ》᠂ 《ᠦᠷᠯᠦᠭ᠌ ᠪᠠᠭᠠᠳᠤᠷ ᠤᠨ ᠳᠠᠭᠤᠯᠠᠯ》᠂ 《ᠮᠠᠨ ᠤ ᠠᠢ᠌ᠯ ᠤᠨ ᠮᠢᠬᠠᠨ ᠳᠤᠯᠤᠭᠠᠢ》᠂ 《ᠠᠷᠤᠳᠠᠭᠢ ᠠᠢ᠌ᠯ ᠤᠨ ᠪᠠᠷᠢᠶᠠᠴᠤᠳ》᠂ 《ᠳᠠᠮᠪᠠ ᠳᠠᠷᠤᠭ᠎ᠠ》᠂    《ᠪᠠᠶᠠᠷ ᠤᠨ ᠡᠳᠦᠷ》᠂ 《ᠴᠡᠷᠢᠭ᠌ ᠡᠷ᠎ᠡ ᠶᠢᠨ ᠳᠠᠭᠤᠯᠠᠯ》᠂ 《ᠳᠠᠷᠭᠤᠯᠠᠭᠰᠠᠨ ᠳᠠᠪᠤᠨ ᠳᠦᠭᠦᠷᠢᠭ᠌》᠂ 《ᠶᠠᠭᠠᠭᠢᠭᠰᠠᠨ ᠭᠦᠴᠦᠳᠡᠢ ᠪᠠᠭᠠᠪᠣᠭᠠᠢ ᠪᠣᠢ︖》᠂ 《ᠦ᠊ ᠳᠠᠷᠤᠭ᠎ᠠ》 ᠵᠡᠷᠭᠡ ᠭᠤᠴᠢ ᠢᠯᠡᠭᠦᠤ ᠢᠷᠠᠭᠤ ᠨᠠᠢ᠌ᠷᠠᠭ᠂ ᠬᠤᠱᠤᠩ ᠰᠢᠯᠦᠭ᠌ 《ᠪᠠᠷᠳᠠᠨᠢᠭ ᠪᠠᠭᠠᠳᠤᠷ ᠤᠨ ᠳᠤᠬᠠᠢ ᠳᠤᠷᠰᠢᠨ ᠥᠭᠦᠯᠡᠭᠦ ᠨᠢ》᠂ 《ᠣᠤᠠᠬ᠎ᠠ ᠵᠤᠬᠢᠶᠠᠯ ᠤᠨ ᠦᠨᠳᠦᠷ ᠣᠷᠭᠢᠯ ᠵᠥᠭ᠌ ᠠᠪᠠᠷᠢᠶ᠎ᠠ》᠂ 《ᠰᠡᠳᠭᠢᠯ ᠳᠤ ᠰᠥᠡᠳᠡᠷᠯᠡᠭ᠍ᠰᠡᠨ ᠳᠦᠷᠢ ᠶᠢᠨ ᠳᠤᠬᠠᠢ》᠂ 《ᠠᠷᠠᠤᠨ ᠤᠨ ᠳᠠᠭᠤᠨ ᠤ ᠳᠤᠬᠠᠢ ᠳᠤᠷᠰᠢᠨ ᠥᠭᠦᠯᠡᠭᠦ ᠨᠢ》᠂ 《ᠬᠤᠪᠣᠭᠰᠠᠢ᠌ᠷᠢ ᠶᠢᠨ ᠮᠠᠠᠳᠤ ᠶᠢᠨ ᠶᠤᠰᠤᠨ ᠤ ᠳᠤᠬᠠᠢ》 ᠵᠡᠷᠭᠡ ᠥᠭᠦᠯᠡᠯ ᠰᠢᠭᠦᠮᠵᠢ ᠪᠠᠨ ᠡᠮᠤᠨ᠎ᠡ ᠬᠣᠢ᠌ᠨ᠎ᠠ ᠪᠠᠷ ᠨᠡᠢ᠌ᠳᠡᠯᠡᠭ᠍ᠰᠡᠨ ᠪᠠᠢ᠌ᠨ᠎ᠠ᠃

《ᠵᠤᠩᠭ᠋ᠤᠷᠤᠪ ᠪᠠᠭᠠᠳᠤᠷ》 ᠪᠣᠯ ᠳ᠋·ᠨᠠᠮᠵᠢᠯ ᠤᠨ ᠣᠤᠭᠠᠨ ᠷᠤᠮᠠᠨ ᠨᠢ ᠪᠣᠯᠬᠤ ᠪᠦᠭᠡᠳ ᠮᠠᠨ ᠤ ᠰᠢᠠᠵᠢᠶᠠᠩ ᠤᠨ ᠮᠤᠩᠭ᠋ᠤᠯ ᠣᠷᠠᠨ ᠵᠤᠬᠢᠶᠠᠯ ᠤᠨ ᠲ᠋ᠠᠪᠴᠠᠩ ᠳ᠋ᠠᠭᠢ ᠯᠠ᠊·ᠪᠠᠳᠤᠸᠴᠢᠷ ᠤᠨ 《ᠭᠤᠪᠢ ᠶᠢᠨ ᠱᠤᠩᠬᠤᠷ》᠂ ᠡ᠊·ᠭᠡᠡᠵᠡᠢ ᠶᠢᠨ 《ᠦᠣᠷ ᠤᠨ ᠡᠮᠦᠨ᠎ᠡ》᠂ ᠠ᠊·ᠳᠠᠢ᠌ᠪᠠᠢ ᠶᠢᠨ 《ᠪᠠᠭᠠᠳᠤᠷ ᠬᠤᠩ ᠳᠠᠢ᠌ᠵᠢ》᠂ ᠬᠤ᠋·ᠪᠠᠳᠠᠢ ᠶᠢᠨ 《ᠠᠮᠠᠳᠠᠢ᠌ᠪᠣᠷᠤ》᠂ 《ᠳᠤᠯᠭᠢᠶᠠᠠᠳᠤ ᠬᠠᠢ᠌ᠳᠠᠭ》᠂ ᠦ᠊·ᠭᠡᠨᠳᠡᠡᠵᠡᠪ ᠤᠨ 《ᠬᠤᠯᠤᠰᠤᠳᠠᠢ ᠶᠢᠨ ᠰᠠᠯᠭᠢᠨ》᠂ ᠭᠠ᠊·ᠭᠤᠮᠪᠠ ᠶᠢᠨ 《ᠭᠤᠷᠤᠬ᠎ᠠ》᠂ 《ᠪᠠᠭ᠍ᠵᠡᠳᠤ ᠠᠭᠤᠯᠠ ᠶᠢᠨ ᠪᠦᠷᠭᠦᠤᠨ》᠂ ᠪᠠ᠊·ᠪᠠᠶᠠᠠᠵᠢᠷᠭᠠᠯ ᠤᠨ 《ᠪᠠᠭᠠᠳᠤᠷ ᠵᠤᠩᠭ᠋ᠤᠷᠤᠪ》᠂ ᠬᠤ᠋·ᠪᠠᠳᠠᠢ ᠶᠢᠨ 《ᠴᠢᠳᠠᠯᠳᠤ》 ᠵᠢᠨ ᠳᠠᠷᠠᠭ᠎ᠠ ᠣᠩᠰᠢᠭᠴᠢᠳ ᠲᠡᠶ ᠨᠢᠭᠤᠷ ᠵᠤᠯᠭᠠᠭᠰᠠᠨ ᠠᠷᠪᠠᠨ ᠨᠢᠭᠡᠳᠦᠭᠡᠷ ᠷᠤᠮᠠᠨ ᠶᠤᠮ᠃ ᠡᠳᠡᠭᠡᠷ ᠠᠷᠪᠠᠨ ᠨᠢᠭᠡᠨ ᠷᠤᠮᠠᠨ ᠤ ᠳᠤᠳᠤᠷ᠎ᠠ ᠳᠤᠰ ᠷᠤᠮᠠᠨ ᠪᠣᠯ ᠵᠤᠩᠭ᠋ᠤᠷᠤᠪ ᠪᠠᠭᠠᠳᠤᠷ ᠤᠨ ᠳᠡᠦᠭᠡᠳᠤ ᠣᠢ᠌ᠯᠠ ᠠᠮᠢᠳᠤᠷᠠᠯ ᠶᠢᠡᠷ ᠰᠡᠳᠦᠪᠯᠡᠭ᠍ᠰᠡᠨ ᠭᠤᠷᠪᠠᠳᠤᠭᠠᠷ ᠷᠤᠮᠠᠨ ᠪᠣᠯᠤᠨ᠎ᠠ᠃ ᠪᠣᠳᠠᠳᠠᠢ ᠪᠠᠷ ᠭᠡᠯᠡᠪᠠᠯ ᠯᠠ᠊·ᠪᠠᠳᠤᠸᠴᠢᠷ ᠤᠨ 《ᠭᠤᠪᠢ ᠶᠢᠨ ᠱᠤᠩᠬᠤᠷ》᠂ ᠪᠠ᠊·ᠪᠠᠶᠠᠠᠵᠢᠷᠭᠠᠯ ᠤᠨ 《ᠪᠠᠭᠠᠳᠤᠷ ᠵᠤᠩᠭ᠋ᠤᠷᠤᠪ》 ᠊ᠤᠨ ᠳᠠᠷᠠᠭ᠎ᠠ ᠨᠡᠢ᠌ᠳᠡᠯᠡᠭ᠍ᠳᠡᠭ᠍ᠰᠡᠨ ᠷᠤᠮᠠᠨ ᠶᠤᠮ᠃ ᠳᠤᠰ ᠷᠤᠮᠠᠨ ᠬᠠᠮᠤᠭ ᠠᠩᠬ᠎ᠠ 《ᠦᠣᠷ ᠤᠨ ᠴᠤᠯᠮᠤᠨ》 ᠰᠡᠳᠭᠦᠯ ᠤᠨ 2005 ᠣᠨ ᠤ 2 ᠊᠊᠊᠊᠊᠊᠊᠊᠊᠊᠊᠊᠊᠊᠊ 5 ᠳ᠋ᠤᠭᠠᠷ ᠬᠤᠭᠤᠴᠠᠭ᠎ᠠ ᠳᠡᠭᠡᠷ᠎ᠡ ᠨᠡᠢ᠌ᠳᠡᠯᠡᠭ᠍ᠳᠡᠵᠤ᠂ ᠳᠠᠷᠠᠭ᠎ᠠ ᠨᠢ 2009 ᠣᠨ ᠤ 8 ᠰᠠᠷ᠎ᠠ ᠳᠤ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠠ ᠳᠤᠰᠬᠠᠢ ᠨᠤᠮ ᠪᠣᠯᠭᠠᠨ ᠭᠡᠪᠯᠡᠨ ᠳᠠᠷᠬᠠᠭᠠᠭᠰᠠᠨ ᠪᠠᠢ᠌ᠨ᠎ᠠ᠃

ᠬᠤᠪᠣᠭᠰᠠᠢ᠌ᠷᠢ ᠨᠤᠳᠤᠭ ᠪᠣᠯᠪᠠᠯ ᠬᠤᠯᠠ ᠤᠢ᠌ᠷ᠎ᠡ ᠳᠡᠭᠡᠨ ᠠᠯᠳᠠᠷᠰᠢᠭᠰᠠᠨ ᠰᠤᠶᠤᠯ ᠳᠡᠦᠭᠡ ᠶᠢᠨ ᠰᠤᠳᠤᠨ ᠦᠯᠦᠭᠡᠢ ᠮᠦᠨ᠃ ᠡᠷᠳᠡᠨ ᠡᠴᠠ ᠠᠪᠣᠭᠠᠤᠨ ᠡᠨᠡ ᠨᠤᠳᠤᠭ ᠤᠨ ᠳᠤᠷᠭᠠᠨ ᠰᠢᠷᠤᠢ ᠳᠡᠭᠡᠷ᠎ᠡ ᠳᠦᠷᠤᠵᠤ ᠲᠦᠯᠵᠢᠭ᠍ᠰᠡᠨ ᠭᠦᠮᠤᠨ ᠠᠷᠠᠤᠨ ᠨᠢ᠂ ᠳᠤᠤᠯᠢ ᠵᠠᠩᠭ᠋ᠠᠷ ᠶᠢᠡᠷ ᠠᠬᠠᠯᠠᠭᠰᠠᠨ ᠳᠤᠩ ᠶᠡᠭᠡ ᠣᠯᠠᠨ ᠠᠷᠠᠤᠨ ᠤᠨ ᠠᠮᠠᠨ ᠪᠢᠯᠢᠭ᠌ ᠤᠨ ᠡᠯᠪᠠᠭ᠌ ᠰᠠᠩ ᠢ ᠡᠭᠦᠳᠡᠨ ᠪᠦᠳᠦᠭᠡᠭ᠍ᠰᠡᠨ ᠪᠢᠯᠠ᠃ ᠮᠠᠨ ᠤ ᠨᠤᠳᠤᠭ ᠡᠴᠠ ᠵᠠᠩᠭ᠋ᠠᠷᠴᠢ ᠠᠷᠢᠮᠫᠢᠯ᠂ ᠵᠠ᠊·ᠵᠤᠤᠨᠠᠢ᠂ ᠢᠷᠦᠭᠡᠯᠴᠢ ᠰᠤᠮᠢᠶᠠᠨ᠂ ᠨᠠ᠊·ᠪᠣᠸ᠎ᠠ᠂ ᠫᠠ᠊·ᠨᠡᠢ᠌ᠭᠡᠢ᠂ ᠠᠷᠠᠤᠨ ᠤᠨ ᠳᠠᠭᠤᠴᠢᠨ ᠨᠢ᠊·ᠨᠠᠮᠵᠠᠪ᠂ ᠴᠥ᠊·ᠪᠦᠭᠡᠯᠵᠡᠢ᠂ ᠳᠤᠪᠰᠢᠭᠤᠷᠴᠢ ᠳ᠋ᠤᠯᠤᠮᠵᠠᠢ᠂ ᠴᠠᠮᠪᠠ ᠵᠡᠷᠭᠡ ᠠᠯᠳᠠᠷ ᠴᠤᠤ ᠲᠡᠶ ᠠᠷᠠᠤᠨ ᠤᠨ ᠣᠷᠠᠯᠢᠭᠴᠢᠳ ᠭᠠᠷᠤᠭᠰᠠᠨ ᠮᠦᠷᠳᠡᠭᠡᠨ ᠪᠠᠰᠠ ᠪᠢᠴᠢᠭ᠌ ᠤᠨ ᠵᠤᠬᠢᠶᠠᠯ ᠳᠡᠭᠡᠷ᠎ᠡ᠂ ᠳᠦᠷᠤ ᠶᠢᠨ ᠱᠠᠩᠨᠠᠯᠳᠤ ᠵᠠ᠊·ᠪᠠᠳᠤᠨᠠᠰᠤᠨ ᠶᠢᠡᠷ ᠠᠬᠠᠯᠠᠭᠰᠠᠨ ᠭᠦᠭ᠍ᠰᠢᠨ᠂ ᠢᠳᠠᠷ᠂ ᠵᠠᠯᠠᠭᠤ᠂ ᠪᠠᠯᠴᠢᠷ ᠳᠦᠷᠪᠠᠨ ᠦᠶ᠎ᠡ ᠶᠢᠨ ᠵᠤᠬᠢᠶᠠᠭᠴᠢᠳ ᠤᠨ ᠡᠩᠨᠡᠭᠡ ᠪᠦᠷᠢᠯᠳᠤᠨ ᠳᠤᠭᠳᠠᠨᠢᠵᠤ᠂ ᠪᠣᠵᠤᠭᠠᠢ᠌ᠷᠠᠨ ᠭᠦᠴᠦᠷᠭᠡᠭ᠍ᠵᠢᠨ ᠤᠢ᠌ᠷᠠᠤᠨ ᠮᠤᠩᠭ᠋ᠤᠯ ᠤᠨ ᠣᠤᠠᠬ᠎ᠠ ᠵᠤᠬᠢᠶᠠᠯ ᠤᠨ ᠭᠦᠷᠢᠶᠡᠯᠡᠩ ᠳᠤ ᠦᠪᠡᠷ ᠤᠨ ᠭᠡᠰᠡᠨ ᠦᠪᠡᠷᠮᠠᠴᠠ ᠣᠠᠴᠠᠯᠢᠭ ᠪᠠᠷ ᠪᠠᠨ ᠥᠩᠭᠡ ᠢᠯᠭᠠᠷᠴᠤ ᠢᠷᠡᠭ᠍ᠰᠡᠨ ᠨᠤᠳᠤᠭ ᠶᠤᠮ ᠡ᠃   ᠳᠠ᠊·ᠨᠠᠮᠵᠢᠯ ᠨᠠᠰᠤᠳᠠᠨ ᠪᠣᠯ ᠬᠤᠪᠣᠭᠰᠠᠢ᠌ᠷᠢ ᠨᠤᠳᠤᠭ ᠡᠴᠠ ᠴᠤᠯᠭᠤᠷᠠᠨ ᠭᠠᠷᠤᠭᠰᠠᠨ ᠬᠤᠰᠢᠭᠤᠴᠢ ᠵᠤᠬᠢᠶᠠᠯᠴᠢ ᠶᠢᠨ ᠨᠢᠭᠡᠨ ᠮᠦᠨ᠃



ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠬᠤᠪᠣᠭᠰᠠᠢ᠌ᠷᠢ ᠰᠢᠶᠠᠨ ᠤ ᠪᠠᠭᠰᠢ ᠶᠢᠨ ᠳᠠᠪᠳᠠᠨ ᠪᠣᠯᠪᠠᠰᠤᠷᠬᠤ ᠰᠤᠷᠭᠠᠭᠤᠯᠢ

ᠵᠤᠬᠢᠶᠠᠭᠴᠢ᠄ ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12097
ᠴᠠᠭ᠄ 2010 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ