ᠨᠡᠪᠲᠡᠷᠡᠨ ᠤᠷᠤᠬᠤ
ᠳᠡᠭ᠍ᠷᠢ ᠡᠵᠢ ᠮᠢᠨᠢ ᠦᠷᠦᠰᠢᠶᠠ

ᠠᠯᠳᠠᠨ ᠦᠷᠡᠰᠳᠠᠨ ᠤ

ᠴᠢᠰᠤᠨ ᠣᠳᠤᠮ ᠲᠡᠶ

ᠢᠰᠡᠭᠡᠢ ᠭᠡᠷ ᠲᠤ ᠳᠦᠷᠦᠭ᠍ᠰᠡᠨ ᠶᠤᠮ ᠪᠢ

ᠠᠯᠠᠭ ᠬᠤᠷᠸ᠎ᠠ ᠶᠢᠨ

ᠳᠠᠪᠴᠢᠭᠤᠬᠠᠨ ᠵᠠᠢ ᠳᠤ

ᠮᠤᠩᠭ᠋ᠤᠯ ᠨᠠᠷ᠎ᠠ ᠲᠡᠶ ᠶ‍ᠪᠣᠭᠰᠠᠨ ᠶᠤᠮ ᠪᠢ

ᠠᠯᠳᠠᠵᠤ ᠣᠨᠤᠬᠤ ᠶᠢᠨ

ᠭᠦᠮᠤᠨ ᠵᠠᠶᠠᠭ᠎ᠠ ᠶᠢ

ᠳᠡᠩᠳᠡᠭᠦᠤ ᠭᠤᠮᠤᠳᠠᠭᠠᠵᠤ ᠶᠠᠪᠣᠭᠰᠠᠨ ᠪᠣᠯ

ᠠᠰᠤᠷᠢ ᠶᠡᠭᠡ

ᠬᠠᠢ᠌ᠷ᠎ᠠ ᠶᠢᠨ ᠳᠠᠩᠰᠠ ᠲᠡᠶ

ᠳᠡᠭ᠍ᠷᠢ ᠡᠵᠢ ᠮᠢᠨᠢ ᠦᠷᠦᠰᠢᠶᠠ︕

ᠨᠡᠭᠦᠰ ᠭᠢᠶᠠᠨ ᠤ

ᠳᠤᠯᠭ᠎ᠠ ᠶᠢᠨ ᠴᠢᠯᠠᠭᠤᠨ ᠳᠤ

ᠭᠠᠯ ᠶᠢᠡᠨ ᠨᠠᠮᠠᠶ᠎ᠠ ᠴᠢᠷᠮᠠᠢ᠌ᠭᠰᠠᠨ ᠶᠤᠮ ᠪᠢ

ᠨᠡᠭᠦᠷᠢ ᠪᠠᠭᠤᠴᠠ ᠳᠠᠭᠠᠨ

ᠣᠳᠤᠮ ᠶᠢᠡᠨ ᠵᠠᠯᠭᠠᠵᠤ

ᠭᠤᠯᠤᠮᠳᠠ ᠪᠡᠨ ᠪᠠᠳᠠᠷᠭᠠᠶ᠎ᠠ ᠰᠠᠨᠠᠭᠰᠠᠨ ᠶᠤᠮ ᠪᠢ

ᠨᠡᠭᠦᠳᠡᠯ ᠤᠨ ᠴᠤᠪᠣᠭ᠎ᠠ ᠪᠠᠷ

ᠭᠢᠬᠤᠨᠠᠵᠤ ᠢᠷᠡᠭ᠍ᠰᠡᠨ

ᠮᠤᠩᠭ᠋ᠤᠯ ᠵᠠᠶᠠᠭ᠎ᠠ ᠪᠠᠨ ᠊ᠭ᠍‍ᠬᠢᠷᠳᠦᠭᠡᠵᠤ ᠶᠠᠪᠣᠭᠰᠠᠨ ᠪᠣᠯ

ᠨᠢᠭᠦᠯ ᠪᠣᠶᠠᠨ ᠤ

ᠵᠠᠭᠠᠷᠢᠨ ᠳᠠᠩᠰᠠ ᠲᠡᠶ

ᠳᠡᠭ᠍ᠷᠢ ᠡᠵᠢ ᠮᠢᠨᠢ ᠦᠷᠦᠰᠢᠶᠠ︕

ᠥᠤᠭᠡ ᠳᠡᠦᠭᠡ ᠲᠡᠶ

ᠮᠤᠩᠭ᠋ᠤᠯ ᠪᠣᠯᠬᠤᠷ ᠶᠢᠡᠨ

ᠣᠮᠤᠭ ᠲᠡᠶ ᠳᠦᠷᠦᠭ᠍ᠰᠡᠨ ᠶᠤᠮ ᠪᠢ

《ᠥᠭᠡᠷ ᠠᠷᠠᠠᠰᠢᠨ》ᠮᠢᠨᠢ

ᠦᠨᠡᠨ ᠪᠣᠯᠬᠤᠷ ᠶᠢᠡᠨ

ᠵᠢᠦᠡᠭᠦᠵᠤ ᠳᠦᠷᠦᠭ᠍ᠰᠡᠨ ᠶᠤᠮ ᠪᠢ

ᠣᠢ᠌ᠯᠠᠰ ᠮᠦᠷ ᠤᠨ

ᠭᠡᠢ᠌ᠮᠦᠷᠢ ᠶᠢᠨ ᠳᠠᠷᠴᠤᠭ ᠶᠢᠡᠨ

ᠮᠠᠨᠠᠷᠠᠭᠠᠵᠤ ᠶᠠᠪᠣᠭᠰᠠᠨ ᠪᠣᠯ

ᠦᠨᠡᠨ ᠴᠠᠭᠠᠨ ᠤ

ᠬᠠᠳᠠᠭᠤ ᠳᠠᠩᠰᠠ ᠲᠡᠶ

ᠳᠡᠭ᠍ᠷᠢ ᠡᠵᠢ ᠮᠢᠨᠢ ᠦᠷᠦᠰᠢᠶᠠ︕

ᠴᠠᠪᠠᠷ ᠰᠠᠢ᠌ᠬᠠᠨ

ᠮᠤᠩᠭ᠋ᠤᠯ ᠨᠤᠳᠤᠭ ᠲᠠᠭᠠᠨ

ᠣᠨᠠᠵᠤ ᠳᠦᠷᠦᠭ᠍ᠰᠡᠨ ᠶᠤᠮ ᠪᠢ

ᠴᠡᠴᠡᠭ᠌ ᠮᠤᠳᠤ ᠲᠡᠶ

ᠠᠭᠤᠳᠠᠮᠬᠠᠨ ᠳᠠᠯ᠎ᠠ ᠳᠠᠭᠠᠨ

ᠳᠠᠷᠪᠠᠵᠤ ᠥᠰᠦᠭ᠍ᠰᠡᠨ ᠶᠤᠮ ᠪᠢ

ᠴᠠᠪᠠᠷ ᠢᠴᠢᠮᠡᠳᠡᠭᠡᠢ

ᠬᠡᠦᠭᠡᠨ ᠰᠡᠳᠭᠢᠯ ᠢ ᠴᠢᠨᠢ

ᠰᠡᠪᠳᠦᠭᠡᠵᠤ ᠶᠠᠪᠣᠭᠰᠠᠨ ᠪᠣᠯ

ᠴᠢᠭᠡᠴᠢ ᠦᠨᠡᠨ

ᠢᠨᠠᠭ ᠤᠨ ᠳᠠᠩᠰᠠ ᠲᠡᠶ

ᠳᠡᠭ᠍ᠷᠢ ᠡᠵᠢ ᠮᠢᠨᠢ ᠦᠷᠦᠰᠢᠶᠠ︕

ᠳᠡᠭ᠍ᠷᠢ ᠡᠵᠢ ᠮᠢᠨᠢ ᠥᠷᠦᠰᠢᠶᠡᠭᠡᠷᠡᠢ︕


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ