ᠨᠡᠪᠲᠡᠷᠡᠨ ᠤᠷᠤᠬᠤ
ᠥᠪᠣᠷ ᠮᠤᠩᠭ᠋ᠤᠯ

ᠪᠦᠷᠳᠡ ᠴᠢᠨ᠋ᠸ᠎ᠠ ᠶᠢᠨ

ᠠᠷᠢᠭᠤᠨ ᠴᠢᠰᠤ ᠲᠡᠶ

ᠦᠪᠣᠷ ᠮᠤᠩᠭ᠋ᠤᠯ᠂

ᠪᠦᠭᠦ ᠮᠤᠩᠭ᠋ᠤᠯ ᠤᠨ

ᠠᠮᠢᠨ ᠰᠠᠭᠢᠶ᠎ᠠ ᠲᠡᠶ

ᠦᠪᠣᠷ ᠮᠤᠩᠭ᠋ᠤᠯ᠃

ᠠᠽᠢᠶ᠎ᠠ ᠶᠢᠨ ᠴᠡᠭᠡᠵᠢᠨ ᠳ᠋ᠠᠭᠢ

ᠰᠠᠯᠠᠮ᠎ᠠ ᠶᠢᠨ ᠣᠷᠤ

ᠦᠪᠣᠷ ᠮᠤᠩᠭ᠋ᠤᠯ᠂

ᠠᠰᠬᠠᠷᠠᠵᠤ ᠪᠠᠭᠤᠭᠰᠠᠨ

ᠳᠡᠭ᠍ᠷᠢ ᠶᠢᠨ ᠰᠤᠮᠤ

ᠦᠪᠣᠷ ᠮᠤᠩᠭ᠋ᠤᠯ᠃

ᠬᠠᠭᠠᠨ ᠴᠢᠩᠭᠢᠰ ᠤᠨ

ᠬᠠᠰᠪᠣ ᠳᠠᠮᠠᠭ᠎ᠠ

ᠦᠪᠣᠷ ᠮᠤᠩᠭ᠋ᠤᠯ᠂

ᠬᠠᠳᠤᠨ ᠪᠦᠷᠳᠡ ᠶᠢᠨ

ᠡᠩᠭᠡᠷ ᠤᠨ ᠳᠤᠪᠴᠢ

ᠦᠪᠣᠷ ᠮᠤᠩᠭ᠋ᠤᠯ᠃

ᠪᠣᠮᠠᠨ ᠦᠶ᠎ᠡ ᠶᠢᠨ

ᠪᠣᠭᠤᠷᠤᠯ ᠴᠠᠳᠢᠭ

ᠦᠪᠣᠷ ᠮᠤᠩᠭ᠋ᠤᠯ᠂

ᠪᠣᠰᠤᠭ᠎ᠠ ᠴᠢᠯᠠᠭᠤᠵᠢᠭᠰᠠᠨ

ᠳᠡᠭ᠍ᠷᠢ ᠰᠤᠶᠤᠯ

ᠦᠪᠣᠷ ᠮᠤᠩᠭ᠋ᠤᠯ᠃

ᠳᠤᠭᠤᠨᠤ ᠪᠠᠷ ᠮᠢᠨᠢ

ᠳᠤᠨᠤᠷᠠᠭᠰᠠᠨ ᠨᠠᠷᠠ

ᠦᠪᠣᠷ ᠮᠤᠩᠭ᠋ᠤᠯ᠂

ᠳᠤᠯᠭ᠎ᠠ ᠳᠤ ᠮᠢᠨᠢ

ᠣᠯᠠᠯᠵᠠᠭᠰᠠ ᠭᠠᠯ

ᠦᠪᠣᠷ ᠮᠤᠩᠭ᠋ᠤᠯ᠃

ᠪᠦᠭᠦᠷᠭᠡ ᠳᠦᠰᠢᠭ᠍ᠰᠡᠨ

ᠣᠷᠭ᠎ᠠ ᠶᠢᠨ ᠬᠣᠢ᠌ᠪᠢ

ᠦᠪᠣᠷ ᠮᠤᠩᠭ᠋ᠤᠯ᠂

ᠪᠦᠮᠪᠦᠷᠴᠡᠭ᠌ ᠣᠶ‍ᠷᠠᠷᠭᠠᠭᠰᠠᠨ

ᠣᠷᠳᠤ ᠶᠢᠨ ᠳᠠᠭᠤᠤ

ᠦᠪᠣᠷ ᠮᠤᠩᠭ᠋ᠤᠯ᠃

ᠮᠤᠩᠭ᠋ᠤᠯ ᠮᠤᠷᠢᠨ ᠤ

ᠳᠤᠭᠤᠷᠠᠢ ᠶᠢᠨ ᠣᠷᠤᠮ

ᠦᠪᠣᠷ ᠮᠤᠩᠭ᠋ᠤᠯ᠂

ᠮᠤᠩᠭ᠋ᠤᠯ ᠭᠦᠮᠤᠨ ᠤ

ᠵᠢᠷᠦᠭᠡᠨ ᠳᠠᠮᠢᠷ

ᠦᠪᠣᠷ ᠮᠤᠩᠭ᠋ᠤᠯ᠃

ᠡᠪᠰᠢᠶᠡᠭ᠍ᠰᠡᠨ ᠨᠤᠮᠤ ᠶᠢᠨ

ᠬᠠᠳᠠᠨ ᠰᠤᠮᠤ

ᠦᠪᠣᠷ ᠮᠤᠩᠭ᠋ᠤᠯ᠂

ᠡᠷᠡᠨ ᠢ ᠰᠤᠠᠳᠠᠯᠠᠭᠰᠠᠨ

ᠬᠠᠳᠠᠭᠤ ᠡᠷᠢᠯ

ᠦᠪᠣᠷ ᠮᠤᠩᠭ᠋ᠤᠯ ᠡ᠃


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ