ᠨᠡᠪᠲᠡᠷᠡᠨ ᠤᠷᠤᠬᠤ
ᠯᠠᠭᠤᠰᠠ

ᠡᠭᠡ ᠴᠢᠨᠢ ᠬᠠᠢ᠌ᠨᠠᠨ ᠭᠠᠵᠠᠷ ᠤᠨ ᠳᠤᠷᠤᠢ ᠶᠤᠮ ᠭᠡᠨ᠎ᠡ ᠯᠠᠢ

ᠡᠴᠢᠭᠡ ᠴᠢᠨᠢ ᠬᠠᠨ ᠳᠡᠭ᠍ᠷᠢ ᠶᠢᠨ ᠣᠨᠠᠭ᠎ᠠ ᠶᠤᠮ ᠭᠡᠨ᠎ᠡ ᠯᠠᠢ

ᠡᠳᠡ ᠬᠤᠶᠠᠭᠤᠯᠠ ᠶᠢᠨ ᠢᠷᠦᠭᠡᠯ ᠶᠢᠡᠨ ᠬᠤᠯᠪᠣᠬᠤ ᠭᠡᠷᠡᠭ᠌ ᠢ

ᠡᠷᠳᠡ ᠣᠷᠢᠳᠠ ᠰᠢᠮᠨᠤ ᠵᠤᠬᠢᠶᠠᠭᠰᠠᠨ ᠭᠡᠳᠡᠭ᠌ ᠳ᠋ᠠ

ᠢᠩᠭᠢᠵᠤ ᠭᠡᠯᠡᠭᠦ ᠨᠢ ᠳᠤᠮᠤᠭ ᠤᠨ ᠳᠠᠳᠤᠢ ᠯᠠ ᠣᠴᠢᠷ ᠡᠴᠠ

ᠢᠳᠡᠭᠡᠵᠤ ᠭᠡᠯᠡᠭᠦ ᠳᠤ ᠣᠷᠮᠤᠭ ᠤᠨ ᠳᠠᠳᠤᠢ ᠪᠠᠷᠢᠮᠳᠠ ᠦᠭᠡᠶ ᠴᠤ

ᠡᠳᠦᠭᠡ ᠴᠢᠮᠢ᠋ᠢ ᠡᠯᠵᠢᠭᠡ ᠮᠤᠷᠢ ᠬᠤᠶᠠᠭᠤᠯᠠ

ᠶ‍ᠢᠷᠳᠢᠠᠴᠤ ᠳᠤ ᠳᠦᠷᠦᠭ᠍ᠰᠡᠨ ᠡᠨᠡ ᠭᠡᠷᠡᠭ᠌ ᠴᠤ ᠦᠨᠡᠨ ᠳ᠋ᠠ᠃


ᠠᠯᠳᠠᠨ ᠶᠠᠰᠤᠨ ᠤ ᠭᠢᠨᠢ ᠡᠮᠳᠡᠷᠭᠡᠢ ᠪᠣᠯᠤᠭᠰᠠᠨ ᠤ ᠣᠴᠢᠷ

ᠠᠪᠣ ᠪᠠᠨ ᠳᠠᠭᠤᠷᠢᠶᠠᠵᠤ ᠠᠭᠰᠤᠮ ᠵᠠᠩ ᠲᠡᠶ ᠳᠦᠷᠦᠭ᠍ᠰᠡᠨ ᠴᠤ

ᠡᠷᠢᠶᠡᠨ ᠮᠢᠬᠠᠨ ᠤ ᠭᠢᠨᠢ ᠳᠠᠰᠤᠷᠬᠠᠢ ᠪᠣᠯᠤᠭᠰᠠᠨ ᠤ ᠣᠷᠰᠢᠭ

ᠡᠵᠢ ᠪᠠᠨ ᠳᠠᠭᠤᠷᠢᠶᠠᠵᠤ ᠠᠷᠳᠠᠭ ᠵᠠᠩ ᠲᠡᠶ ᠦᠰᠴᠠᠢ ᠳ᠋ᠠ

ᠠᠷᠪᠠᠨ ᠯᠠᠭᠱᠠᠨ ᠴᠢᠨᠢ ᠳᠠᠪᠣ ᠳᠠᠪᠣ ᠪᠠᠷ ᠠᠩᠭᠢᠷᠠᠵᠤ

ᠠᠪᠣ ᠡᠵᠢ ᠪᠠᠨ ᠬᠠᠭᠠᠰ ᠬᠠᠭᠠᠰ ᠶᠢᠡᠷ ᠳᠠᠭᠤᠷᠢᠶᠠᠭᠰᠠᠨ ᠳ᠋ᠠᠭᠠᠨ

ᠠᠮᠠᠨ ᠳᠤᠭ᠎ᠠ ᠴᠢᠨᠢ ᠳᠠᠪᠤᠨ ᠬᠤᠰᠢᠭᠤ ᠮᠠᠯ ᠤᠨ

ᠠᠷᠢᠭᠤᠨ ᠳᠠᠩᠰᠠᠨ ᠳᠤ ᠣᠷᠤᠵᠤ ᠴᠢᠳᠠᠭ᠎ᠠ ᠦᠭᠡᠶ ᠦᠯᠠᠳᠠᠵᠠᠢ ᠳ᠋ᠠ᠃


ᠡᠨᠡ ᠳᠦᠷᠤᠯ ᠴᠢᠨᠢ ᠰᠠᠭᠠᠷᠮᠠᠭ ᠭᠡᠳᠡᠭ᠌ ᠶᠢᠡᠨ ᠮᠡᠳᠡᠭᠦ ᠦᠭᠡᠶ ᠪᠠᠷ

ᠡᠭᠡᠷᠡᠮ᠎ᠡ ᠳᠠᠯ᠎ᠠ ᠡᠴᠠ ᠢᠵᠢᠯᠢ ᠪᠠᠨ ᠣᠯᠬᠤ ᠶᠢ ᠵᠤᠷᠢᠬᠤ ᠳ᠋ᠠᠭᠠᠨ

ᠡᠷᠢᠯ ᠤᠨ ᠳᠠᠭᠤ ᠪᠠᠨ ᠢᠠᠴᠠᠭᠠᠭᠰᠠᠨ ᠳᠠᠭᠤ ᠪᠠᠷ ᠡᠭᠢᠯᠡᠭᠦᠯᠳᠡᠭ᠌ ᠴᠢᠨᠢ

ᠡᠴᠢᠭᠡ ᠶᠢᠨ ᠳᠦᠷᠤᠯ ᠠᠪᠠᠭ᠎ᠠ ᠪᠠᠨ ᠳᠠᠭᠤᠳᠠᠭᠠᠤᠨ ᠵᠢᠷᠤᠭᠠᠯᠠᠳᠠᠭ ᠪᠠᠢ᠌ᠨᠠᠤ ⁉

ᠡᠨᠡ ᠳᠠᠭᠤ ᠴᠢᠨᠢ ᠰᠠᠳᠠᠷᠠᠮ᠎ᠠ ᠭᠡᠳᠡᠭ᠌ ᠶᠢᠡᠨ ᠮᠡᠳᠡᠭᠦ ᠦᠭᠡᠶ ᠪᠠᠷ

ᠡᠷᠭᠢᠵᠤ ᠳᠠᠭᠤᠷᠢᠬᠤ ᠡᠴᠠ ᠰᠠᠳᠤᠨ ᠶᠢᠡᠨ ᠢᠷᠡᠭᠦ ᠦᠭᠡᠶ ᠳᠤ ᠵᠤᠪᠠᠬᠤ ᠳ᠋ᠠᠭᠠᠨ

ᠢᠠᠴᠠᠭᠠᠭᠰᠠᠨ ᠳᠠᠭᠤ ᠪᠠᠨ ᠡᠭᠡᠭᠡᠭᠯᠡᠭ᠍ᠰᠡᠨ ᠳᠠᠭᠤ ᠪᠠᠷ ᠳᠡᠭᠦᠰᠭᠡᠳᠡᠭ᠌ ᠴᠢᠨᠢ

ᠡᠭᠡ ᠶᠢᠨ ᠳᠦᠷᠤᠯ ᠨᠠᠭᠠᠴᠤ ᠪᠠᠨ ᠳᠤᠷᠠᠰᠤᠭᠠᠤᠨ ᠵᠤᠭᠰᠤᠳᠠᠭ ᠪᠠᠢ᠌ᠠᠨᠤ ⁉


1982 . 4 . 8 ᠬᠦᠬᠡᠬᠤᠲᠠᠨ᠎ᠡ


ᠵᠤᠬᠢᠶᠠᠭᠴᠢ ᠶᠢᠨ ᠬᠠ‍‌ᠶᠢᠭ ᠄ ᠣᠷᠳᠤᠰ ᠨᠠᠮ ᠤᠨ ᠰᠤᠷᠭᠠᠭᠤᠯᠢ

ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11644
ᠴᠠᠭ᠄ 2014 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ