ᠨᠡᠪᠲᠡᠷᠡᠨ ᠤᠷᠤᠬᠤ
ᠠᠬ᠎ᠠ ᠮᠢᠨᠢ

ᠠᠷᠢᠭᠤᠨ ᠭᠦᠯᠦᠰᠤᠨ ᠤ ᠬᠠᠷᠢᠭᠤ ᠪᠠᠷ ᠵᠢᠠᠨ

ᠠᠬ᠎ᠠ ᠳᠡᠭᠦᠤ ᠪᠢᠳᠠᠨ ᠢ ᠲᠡᠳᠬᠦᠵᠤ

ᠠᠵᠢᠯᠴᠢ ᠭᠦᠳᠡᠯᠮᠦᠷᠢᠰᠦᠭ᠌ ᠭᠠᠷ ᠶᠢᠡᠷ ᠵᠢᠠᠨ

ᠠᠳᠠᠯ ᠠᠮᠢᠳᠤᠷᠠᠯ ᠶᠢᠡᠨ ᠴᠤᠭᠴᠠᠯᠠᠭᠰᠠᠨ

ᠠᠴᠢᠯᠠᠯ ᠤᠨ ᠳᠠᠯᠠᠢ ᠠᠬ᠎ᠠ ᠮᠢᠨᠢ

ᠠᠢ᠌ᠯ ᠭᠡᠷ ᠤᠨ ᠶᠢᠡᠨ ᠳᠤᠯᠠᠭᠠᠭᠤᠷᠢ ᠡ︕

ᠳᠠᠯ᠎ᠠ ᠶᠢᠨ ᠠᠢ᠌ᠯ ᠳᠠᠭᠠᠨ ᠭᠦᠡᠳᠦᠳᠡᠢ

ᠳᠠᠩᠰᠤᠭ ᠠᠮᠢᠳᠤᠷᠠᠯ ᠳᠠᠭᠠᠨ ᠬᠠᠢ᠌ᠷᠠᠳᠠᠢ

ᠳᠠᠷᠢᠮᠠᠯ ᠠᠬᠤᠢ ᠳᠠᠭᠠᠨ ᠭᠠᠷᠠᠮᠠᠭᠠᠢ

ᠳᠠᠪᠤᠨ ᠬᠤᠰᠢᠭᠤ ᠮᠠᠯ ᠳᠠᠭᠠᠨ ᠡᠪᠳᠡᠢ

ᠳᠡᠩᠭᠡᠭᠡ ᠴᠢᠳᠠᠯ ᠲᠡᠶ ᠠᠬ᠎ᠠ ᠮᠢᠨᠢ

ᠲᠦᠮᠡᠨ ᠣᠯᠠᠨ ᠤ ᠪᠠᠨ ᠳᠠᠭᠤᠷᠢᠶᠠᠯ ᠡ︕

ᠵᠤᠬᠢᠶᠠᠭᠴᠢ᠄ ᠳᠥ᠊·ᠪᠠᠳᠤᠴᠠᠷᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2794
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ