ᠨᠡᠪᠲᠡᠷᠡᠨ ᠤᠷᠤᠬᠤ
ᠮᠦᠩᠭᠡ ᠶᠢᠨ ᠰᠢᠪᠠᠷᠡᠭᠡ

ᠡᠮᠡᠭᠡ ᠳᠤ ᠪᠠᠨ ᠪᠣᠴᠠᠨ᠎ᠠ ᠭᠡᠰᠡᠨ ᠰᠦᠨᠢ ᠨᠣᠢ᠌ᠷ ᠭᠦᠷᠳᠡᠭ᠌ ᠥᠭᠡᠢ

ᠡᠷᠭᠢᠵᠤ ᠭᠦᠷᠪᠠᠭᠡᠳ ᠡᠮᠡᠭᠡ ᠴᠤ ᠴᠢᠷᠠᠮ ᠦᠭᠡᠶ ᠬᠤᠨᠤᠭᠰᠠᠨ ᠭᠡᠨ᠎ᠡ

ᠮᠠᠷᠭᠠᠰᠢ ᠦᠷᠯᠦᠭᠡ ᠨᠢ ᠪᠣᠷᠤᠭ᠎ᠠ ᠰᠢᠪᠠᠷᠡᠭᠡᠳ ᠰᠡᠳᠭᠢᠯ ᠵᠢᠩᠳᠡᠭᠦᠭᠡᠨ

ᠮᠠᠵᠢᠨ ᠤ ᠴᠡᠴᠡᠭ᠌ ᠬᠤᠷ᠎ᠠ ᠶᠢᠨ ᠳᠤᠮᠳᠠᠭᠤᠷ ᠰᠠᠩᠭᠢᠨᠠᠵᠤ ᠠᠩᠭᠢᠯᠠᠭᠤᠬᠠᠨ

ᠪᠠᠷᠢᠭᠰᠠᠨ ᠳᠠᠯᠪᠢᠭᠰᠠᠨ ᠶᠢᠡᠨ ᠣᠯ ᠶᠠᠳᠠᠵᠤ ᠡᠮᠡᠭᠡ

ᠪᠠᠴᠢᠮᠳᠠᠵᠤ ᠣᠢ᠌ᠮᠠᠷᠠᠨ ᠱᠤᠤᠭᠢᠷᠬᠤ ᠨᠢ ᠣᠯᠠᠨ

ᠬᠠᠷᠠᠭᠠᠨ ᠤ ᠭᠠᠵᠠᠷ ᠡᠴᠠ ᠪᠦᠷᠢᠶ᠎ᠡ

ᠬᠠᠩᠭᠢᠨᠠᠵᠤ ᠶᠠᠭᠠᠷᠠᠭᠤᠯᠬᠤ ᠳ᠋ᠤ

ᠭᠦᠭᠡᠷᠦᠭᠦᠢ ᠡᠮᠡᠭᠡ ᠮᠢᠨᠢ ᠭᠦᠤ ᠪᠠᠨ ᠵᠠᠪᠠᠯ ᠮᠤᠷᠳᠠᠭᠤᠯᠤᠨ᠎ᠠ ᠭᠡᠵᠤ

ᠭᠦᠰᠢᠭᠦᠨ ᠭᠦᠯ ᠨᠢ ᠳᠠᠶᠠᠭ ᠪᠢᠳᠠ ᠬᠤᠶᠠᠷ ᠶᠢᠡᠷ ᠳᠡᠵᠢᠭᠢᠨᠡᠭ᠍ᠰᠡᠨ ᠰᠠᠨ

ᠰᠢᠬᠠᠯᠴᠠᠵᠤ ᠭᠠᠷᠤᠭᠠᠤᠨ ᠴᠤᠩᠬᠤ ᠪᠠᠷ ᠡᠮᠡᠭᠡ ᠪᠠᠨ ᠳᠠᠭᠤᠳᠠᠬᠤ ᠳ᠋ᠤ

《ᠰᠠᠢ᠌ᠨ ᠬᠠᠷᠠᠵᠤ ᠠᠪᠬᠤ ᠶᠤᠮ ᠰᠠᠨ᠂ ᠮᠠᠭᠤ ᠭᠦᠤ ᠪᠠᠨ》 ᠭᠡᠳ

ᠬᠤᠷ᠎ᠠ ᠨᠢᠯᠪᠣᠰᠤ ᠬᠤᠴᠢᠭᠰᠠᠨ ᠬᠠᠴᠠᠷ ᠶᠢᠡᠨ ᠠᠷᠴᠢᠰᠭᠢᠵᠤ ᠢᠷᠡᠭᠡᠳ

《ᠵᠥᠭᠡᠷ ᠯᠠ ᠪᠠᠢ᠌ᠬᠤ ᠶᠤᠮ ᠰᠢᠤ᠂ ᠮᠢᠨᠢ ᠭᠦᠤ》 ᠭᠡᠭᠦ ᠳᠤᠨᠢ

《ᠵᠦᠩᠳᠡᠭᠡᠨ ᠯᠠ ᠪᠠᠢ᠌ᠳᠠᠯ᠎ᠠ ᠡᠮᠡᠭᠡ ᠰᠤᠨᠢᠨ ᠶᠠᠭᠤᠮ᠎ᠠ ᠶᠠᠷᠢᠭᠠᠤᠨ

ᠴᠢᠯᠦᠭᠡ ᠳᠠᠯᠪᠢᠬᠤ ᠳᠤ ᠠᠭᠤᠯᠵᠠᠴᠢᠬᠠᠨ᠎ᠠ ᠰᠢᠤ》 ᠭᠡᠵᠤ ᠠᠭᠤᠷᠯᠠᠵᠤ ᠭᠡᠯᠡᠭᠦ ᠳ᠋ᠤ

ᠡᠮᠡᠭᠡ ᠢᠨᠢᠶᠡᠭᠦ ᠰᠢᠤᠬᠠᠨ ᠪᠣᠯᠳᠠᠯ᠎ᠠ ᠳᠡᠷᠭᠡ ᠭᠦᠳᠡᠯᠦᠭ᠍ᠰᠡᠨ ᠶᠤᠮ

ᠰᠠ ᠰᠢᠭ ᠨᠠᠮᠢᠷᠠᠬᠤ ᠪᠣᠷᠤᠭᠠᠨ ᠤ ᠳᠤᠮᠳᠠ

ᠡᠮᠡᠭᠡ ᠮᠢᠨᠢ ᠳᠠᠶᠠᠭ ᠳᠡᠭᠡᠷ᠎ᠡ ᠪᠠᠨ ᠵᠤᠭᠰᠤᠭᠰᠠᠭᠠᠷ

ᠳᠤᠰᠤᠯ ᠨᠢᠯᠪᠣᠰᠤ ᠪᠣᠯᠵᠤ ᠵᠢᠵᠢᠭ᠍ᠷᠡᠨ

ᠬᠣᠢ᠌ᠨ᠎ᠠ ᠮᠢᠨᠢ ᠦᠳᠡᠵᠤ ᠬᠤᠴᠤᠷᠠᠭᠰᠠᠨ ᠰᠠᠨ

ᠳᠡᠰᠦᠭᠡᠳ ᠪᠠᠢ᠌ᠵᠤ ᠨᠢᠯᠪᠣᠰᠤ ᠠᠰᠬᠠᠷᠠᠭᠠᠤᠨ ᠪᠣᠯᠳᠠᠭ ᠥᠭᠡᠢ

ᠳᠠᠷᠠ ᠣᠯᠠᠨ ᠡᠴᠠ ᠨᠢᠭᠤᠵᠤ ᠴᠤᠩᠬᠤ ᠣᠷᠤᠭᠤ ᠡᠷᠭᠢᠪᠠᠯ

ᠳᠡᠷᠭᠡᠨ ᠴᠤᠩᠬᠤ ᠳᠠᠷᠠ ᠴᠢᠭ᠌ ᠪᠠᠷ ᠶᠢᠡᠨ ᠣᠭᠢᠷᠠᠵᠤ ᠪᠠᠢ᠌ᠬᠤ ᠨᠢ ᠡ ᠁

ᠭᠦᠭ᠍ᠵᠢᠮ ᠤᠨ ᠣᠳᠠᠰᠤ ᠰᠢᠭ ᠮᠢᠩᠭᠠᠨ ᠠᠳᠤᠷᠢᠶᠠᠨ ᠳᠡᠭᠡᠭᠦᠷ ᠳᠠᠨᠢ

ᠪᠣᠷᠤᠭᠠᠨ ᠳᠤᠰᠤᠯ ᠤᠳ ᠮᠡᠭ᠍ᠰᠢᠵᠤ ᠪᠦᠮᠪᠦᠷᠢᠭᠦ ᠳᠤᠨᠢ

《ᠬᠦᠩᠭᠡᠨ》 ᠭᠤᠨᠢᠭ ᠲᠡᠶ ᠳᠠᠷᠠ ᠰᠠᠯᠤᠯᠳᠠ ᠶᠢ ᠮᠠᠭᠤ ᠭᠦᠤ ᠨᠢ

ᠮᠦᠩᠭᠡ ᠶᠢᠨ ᠰᠢᠪᠠᠷᠡᠭᠡ ᠪᠠᠢ᠌ᠭᠰᠠᠨ ᠭᠡᠵᠤ ᠮᠡᠳᠡᠭᠡ ᠦᠭᠡᠶ᠂ ᠡᠮᠡᠭᠡ ᠮᠢᠨᠢ︕

   ᠁

ᠳᠠᠠᠳᠠ ᠪᠠᠨ ᠯᠠ ᠪᠠᠢ᠌ᠭ᠎ᠠ ᠶᠤᠮ ᠰᠢᠭ

ᠰᠠᠨᠠᠭᠳᠠᠭᠠᠤᠨ ᠯᠠ ᠪᠠᠢ᠌ᠳᠠᠭ ᠡᠮᠡᠭᠡ ᠮᠢᠨᠢ

ᠳᠡᠭᠡᠪᠠᠴᠤ ᠳᠠᠭᠢᠵᠤ ᠨᠢᠭᠡ ᠴᠤ ᠠᠭᠤᠯᠵᠠᠭ᠎ᠠ ᠦᠭᠡᠶ ᠨᠢ

ᠢᠳᠡᠭᠡᠭᠦ ᠶᠢᠨ ᠠᠷᠭ᠎ᠠ ᠦᠭᠡᠶ ᠦᠨᠡᠨ ᠪᠠᠢ᠌ᠭᠰᠠᠨ

ᠡᠮᠡᠭᠡ ᠳᠡᠭᠡᠨ ᠳᠠᠷᠠ ᠪᠣᠷᠤᠭᠠᠨ ᠤ ᠳᠤᠰᠤᠯ ᠤᠨ ᠳᠤᠭ᠎ᠠ ᠪᠠᠷ

ᠡᠷᠭᠡᠯᠡᠵᠤ ᠪᠦᠮᠪᠦᠷᠢᠨ ᠬᠤᠴᠤᠷᠠᠳᠠᠭ ᠪᠠᠢ᠌ᠵᠤ ᠭᠡᠵᠤ

ᠡᠯᠢᠭᠡ ᠵᠢᠷᠦᠭᠡ ᠪᠠᠨ ᠣᠳᠤ ᠣᠷᠤᠰᠬᠠᠵᠤ ᠬᠠᠷᠠᠮᠰᠠᠨᠠᠮ

ᠡᠷᠭᠢᠭᠦ ᠪᠦᠮᠪᠦᠷᠴᠡᠭ᠌ ᠤᠨ ᠬᠠᠳᠠᠭᠤ ᠬᠠᠤᠯᠢ ᠶᠢ

ᠡᠮᠭᠢᠳᠭᠡᠵᠤ ᠶᠠᠮᠠᠷ ᠭᠦᠮᠤᠨ ᠵᠤᠬᠢᠶᠠᠭᠰᠠᠨ ᠴᠤ ᠪᠢᠰᠢ ᠳ᠋ᠡ

ᠡᠮᠡᠭᠡ ᠪᠠᠨ ᠪᠢ ᠰᠠᠭᠢᠭᠤᠯᠰᠤᠨ ᠤ ᠳᠦᠷᠢ ᠭᠡᠵᠤ ᠬᠠᠷᠢᠨ

ᠡᠷᠭᠡ ᠦᠭᠡᠶ ᠢᠳᠡᠭᠡᠵᠤ ᠠᠭᠤᠵᠢᠷᠠᠳᠠᠭ ᠶᠤᠮ

ᠳᠡᠷᠭᠡᠨ ᠳᠤ ᠰᠠᠭᠤᠭᠠᠤᠨ ᠮᠡᠯᠡᠷᠡᠭᠦ ᠶᠢᠨ ᠴᠠᠭ ᠳ᠋ᠤ

ᠳᠠᠪᠴᠢᠶᠠᠷᠢ ᠠᠯᠳᠠᠷᠠᠵᠤ ᠵᠤᠪᠠᠬᠤ ᠶᠢᠨ ᠦᠶ᠎ᠡ ᠳ᠋ᠤ

ᠳᠠᠷᠠ ᠡᠳᠦᠷ ᠤᠨ ᠪᠣᠷᠤᠭᠠᠨ

ᠰᠡᠳᠭᠢᠯ ᠳᠤᠳᠤᠷ᠎ᠠ ᠰᠢᠪᠠᠷᠡᠭᠡᠳ ᠯᠠ ᠪᠠᠢ᠌ᠳᠠᠭ

ᠵᠢᠷᠤᠭ ᠤᠨ ᠴᠤᠮᠤᠭ ᠶᠢᠡᠨ ᠰᠠᠨᠠᠭ᠎ᠠ ᠠᠯᠳᠠᠨ ᠬᠠᠭᠠᠬᠤ ᠳ᠋ᠤ

ᠵᠢᠷᠦᠭᠡᠨ ᠳᠤ ᠡᠮᠡᠭᠡ ᠮᠢᠨᠢ ᠢᠨᠢᠶᠠᠨ ᠦᠯᠠᠳᠠᠵᠤ

ᠰᠡᠳᠭᠢᠯ ᠤᠨ ᠳᠤᠳᠤᠷᠠᠭᠢ ᠮᠦᠩᠭᠡ ᠶᠢᠨ ᠰᠢᠪᠠᠷᠡᠭᠡ ᠳᠠᠢ

ᠵᠠᠮ ᠤᠨ ᠭᠤᠳᠤᠰ ᠲᠤ ᠭᠦᠭᠡᠷᠦᠭᠦᠢ ᠡᠮᠡᠭᠡ ᠮᠢᠨᠢ

ᠪᠦᠭᠡᠮ ᠪᠠᠶᠠᠷ ᠲᠡᠶ ᠨᠠᠳᠠ ᠶᠢ ᠭᠦᠯᠢᠶᠡᠵᠤ ᠪᠠᠢ᠌ᠭ᠎ᠠ ᠰᠠᠨ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2011 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ